| | ︽ᠷᠠᠰᠢᠶᠠᠨ︾ ᠭᠡᠳᠡᠭ ᠨᠡᠷᠡᠶᠢᠳᠥᠯ ᠪᠤᠯ ᠬᠠᠯᠠᠭᠤᠨ ᠪᠣᠯᠠᠭ ᠠᠴᠠ ᠢᠷᠡᠯᠳᠡᠢ᠃ ᠲᠤᠰ ᠪᠤᠯᠠᠭ | ᠨᠢ ᠨᠢᠩᠴᠧᠩ ᠰᠢᠶᠠᠨ ᠤ ᠷᠠᠰᠢᠶᠠᠨ ᠵᠤᠭᠠᠴᠠᠯ ᠠᠮᠠᠷᠠᠯᠳᠠ ᠶᠢᠨ ᠲᠤᠭᠤᠷᠢᠭ ᠲᠤ ᠪᠠᠶᠢᠷᠢᠰᠢᠵᠤ᠂ ᠲᠡᠭᠡᠷ᠎ᠡ | ᠵᠠᠭᠤᠨ ᠤ ᠶᠡᠷᠡᠭᠡᠳ ᠤᠨ ᠠᠴᠠ ᠨᠠᠰᠢ᠂ ᠭᠠᠵᠠᠷ ᠲᠤᠤᠷᠠᠭᠢ ᠤᠰᠤ᠂ ᠤᠨᠴᠠᠭᠠᠶᠢᠯᠠᠨ ᠬᠠᠯᠠᠭᠤᠨ ᠤᠰᠤ ᠭᠡᠷᠡᠭᠯᠡᠭᠡ | ᠨᠡᠮᠡᠭᠳᠡᠭᠰᠡᠨ ᠠᠴᠠ ᠲᠤᠰ ᠪᠤᠯᠠᠭ ᠨᠢ ᠤᠷᠭᠢᠯᠵᠤ ᠤᠷᠤᠰᠬᠤ ᠪᠠᠨ ᠵᠤᠭᠰᠤᠵᠠᠢ᠃ | ᠷᠠᠰᠢᠶᠠᠨ ᠤ ᠭᠠᠵᠠᠷ ᠲᠤᠤᠷᠠᠭᠢ ᠬᠠᠯᠠᠭᠤᠨ ᠤᠰᠤ ᠨᠢ 0.5 ᠲᠥᠷᠪᠡᠯᠵᠢᠨ ᠺᠢᠯᠤᠮᠧᠲᠷ ᠤᠨ | ᠭᠡᠪᠴᠢᠶᠡᠨ ᠳᠤ ᠲᠠᠷᠬᠠᠵᠤ᠂ ᠭᠤᠤᠯ ᠲᠥᠪ ᠤᠨ ᠬᠠᠮᠤᠭ ᠥᠨᠳᠥᠷ ᠤᠰᠤᠨ ᠤ ᠬᠠᠯᠠᠭᠤᠨ ᠨᠢ 96℃ | ᠭᠥᠷᠳᠡᠭ᠃ ᠤᠰᠤᠨ ᠳᠤᠨᠢ ᠺᠠᠯᠼ᠂ ᠮᠤᠯᠧᠪᠳᠧᠨ᠂ ᠮᠠᠭᠨᠢ᠂ ᠺᠠᠯᠢ ᠵᠡᠷᠭᠡ ᠤᠯᠠᠨ ᠵᠥᠢᠯ ᠤᠨ ᠪᠢᠴᠢᠯ ᠡᠯᠧᠮᠧᠨ᠋ᠲ | ᠠᠬᠤᠭᠤᠯᠤᠭᠳᠠᠵᠤ᠂ ᠠᠷᠠᠰᠤᠨ ᠤ ᠡᠪᠡᠳᠴᠢᠨ᠂ ᠬᠤᠶᠠᠩ᠂ ᠥᠶ᠎ᠡ ᠭᠡᠰᠢᠭᠦᠥ ᠶᠢᠨ ᠥᠷᠪᠢᠰᠤᠯ᠂ ᠰᠢᠩᠭᠡᠭᠡᠯᠳᠡ | ᠶᠢᠨ ᠰᠢᠰᠲ᠋ᠧᠮ ᠤᠨ ᠡᠪᠡᠳᠴᠢᠨ ᠵᠡᠷᠭᠡ ᠶᠢ ᠵᠠᠰᠠᠬᠤ ᠳᠤ ᠢᠯᠡᠷᠭᠡᠢ ᠲᠤᠰᠠ ᠲᠠᠢ ᠪᠠᠶᠢᠳᠠᠭ᠃ | ᠲᠤᠰ ᠷᠠᠰᠢᠶᠠᠨ ᠢ ᠨᠡᠭᠡᠭᠡᠵᠤ ᠠᠰᠢᠭᠯᠠᠭᠰᠠᠨ ᠨᠢ ᠨᠢᠭᠡᠨᠳᠡ ᠮᠢᠩᠭ᠎ᠠ ᠭᠠᠷᠤᠢ ᠵᠢᠯ ᠤᠨ | ᠲᠡᠤᠭᠡ ᠲᠠᠢ ᠪᠤᠯᠵᠠᠢ ᠃ ᠠᠯᠢ ᠡᠷᠳᠡ ᠯᠢᠶᠤᠤ ᠤᠯᠤᠰ ᠤᠨ ᠲᠠᠶᠢᠽᠦ᠋ᠩ ᠬᠠᠭᠠᠨ ᠵᠢᠴᠢ ᠬᠤᠶᠢᠨᠠᠭᠢ ᠬᠠᠭᠠᠳ ᠨᠢ | ᠪᠥᠷ ᠠᠳᠡ ᠢᠷᠡᠵᠤ᠂ ᠷᠠᠰᠢᠶᠠᠨ ᠳᠤ ᠤᠷᠤᠵᠤ᠂ ᠪᠠᠶ᠎ᠠ ᠪᠠᠨ ᠤᠭᠢᠶᠠᠵᠤ ᠥᠩᠭᠡᠷᠡᠵᠡᠢ᠃ 1215 ᠤᠨ ᠳᠤ᠂ | ᠮᠤᠩᠭᠤᠯ ᠬᠠᠭᠠᠨᠳᠤ ᠤᠯᠤᠰ ᠤᠨ ᠭᠠᠪᠢᠶᠠᠳᠤ ᠲᠥᠰᠢᠮᠡᠯ ᠮᠤᠬᠤᠯᠠᠢ ᠠᠴᠠ ᠴᠡᠷᠢᠭ ᠲᠠᠶᠢᠴᠢᠯᠠᠨ ᠯᠢᠶᠤᠤ | ᠤᠯᠤᠰ ᠤᠨ ᠲᠤᠮᠳᠠᠳᠤ ᠨᠡᠶᠢᠰᠯᠡᠯ ᠢ ᠴᠤᠭᠢᠬᠤ ᠥᠶᠡᠰ ᠮᠥᠨ ᠴᠤ ᠠᠳᠡ ᠢᠷᠡᠵᠤ ᠷᠠᠰᠢᠶᠠᠨ ᠳᠤ ᠤᠷᠤᠵᠤ᠂ | ᠡᠨᠡᠭᠦ ᠪᠤᠯᠠᠭ ᠲᠤ ︽ᠷᠠᠰᠢᠶᠠᠨ ᠤᠰᠤ︾ ᠭᠡᠭᠦ ᠨᠡᠷ᠎ᠡ ᠬᠠᠶᠢᠷᠠᠯᠠᠭᠰᠠᠨ ᠠᠴᠠ ᠡᠨᠡᠭᠦ ᠨᠡᠷᠡᠶᠢᠳᠥᠯ ᠢ ᠤᠳᠤ ᠪᠤᠯᠳᠠᠯ᠎ᠠ | ᠭᠡᠷᠡᠭᠯᠡᠭᠰᠡᠭᠡᠷ ᠪᠠᠶᠢᠭ᠎ᠠ ᠶᠤᠮ᠃ ᠴᠢᠩ ᠤᠯᠤᠰ ᠤᠨ ᠡᠩᠭᠡ ᠠᠮᠤᠭᠤᠯᠠᠩ ᠬᠠᠭᠠᠨ ᠠᠴᠠ ᠪᠤᠭᠤᠮᠳᠠ ᠶᠢᠨ ᠭᠠᠳᠠᠨ᠎ᠠ | ᠲᠤᠭᠤᠷᠢᠨ ᠪᠠᠶᠢᠴᠠᠭᠠᠵᠤ ᠪᠠᠶᠢᠬᠤ ᠥᠶ᠎ᠡ ᠳᠡᠭᠡᠨ ᠤᠷᠢᠳ ᠬᠤᠵᠢᠳ ᠠᠳᠡ ᠢᠷᠡᠵᠤ ᠷᠠᠰᠢᠶᠠᠨ ᠳᠤ ᠤᠷᠤᠭᠰᠠᠨ | ᠪᠥᠭᠡᠳ ᠤᠳᠤ ᠪᠤᠯᠳᠠᠯ᠎ᠠ ᠡᠩᠭᠡ ᠠᠮᠤᠭᠤᠯᠠᠩ ᠬᠠᠭᠠᠨ ᠤ ᠷᠠᠰᠢᠶᠠᠨ ᠳᠤ ᠤᠷᠤᠭᠰᠠᠨ ᠬᠠᠭᠤᠴᠢᠨ ᠥᠯᠡᠳᠡᠭᠳᠡᠯ ᠨᠢ | ᠪᠠᠶᠢᠭᠰᠠᠭᠠᠷ᠃ ᠤᠳᠤᠬᠠᠨ ᠳᠤ ᠲᠤᠰ ᠥᠯᠡᠳᠡᠭᠳᠡᠯ ᠲᠡᠭᠡᠷ᠎ᠡ ︽ ᠷᠠᠰᠢᠶᠠᠨ ᠲᠢᠩᠰᠠ︾ ᠶᠢ ᠪᠠᠶᠢᠭᠤᠯᠵᠤ᠂ | ᠵᠤᠭᠠᠴᠠᠯ᠂ ᠠᠮᠠᠷᠠᠯᠲᠠ ᠶᠢᠨ ᠲᠤᠰᠬᠤᠨ ᠤ ᠨᠢᠭᠡᠨ ᠦᠵᠡᠮᠵᠢ ᠪᠤᠯᠭᠠᠵᠠᠢ᠃ |