| | ᠡᠩ ᠤᠨ ᠫᠠᠰᠫᠣᠷᠲ ᠢ ᠭᠠᠷᠳᠠᠭᠴᠢ ᠳᠤ ᠳᠤᠤᠷ᠎ᠠ ᠳᠤᠤᠷᠠᠬᠢ ᠪᠠᠶᠢᠳᠠᠯ ᠠᠴᠠ ᠨᠢᠭᠡ ᠨᠢ ᠪᠠᠶᠢᠪᠠᠯ᠂ | ᠡᠷᠦᠬᠡ ᠠᠮᠠ ᠪᠠᠶᠢᠭ᠎ᠠ ᠭᠠᠵᠠᠷ ᠤᠨ ᠢᠶᠠᠨ ᠰᠢᠶᠠᠨ ᠤ ᠱᠠᠲᠤᠨ ᠠᠴᠠ ᠳᠡᠭᠡᠭᠰᠢᠬᠢ ᠣᠷᠣᠨ ᠨᠤᠲᠤᠭ ᠤᠨ ᠠᠷᠠᠳ ᠤᠨ | ᠵᠠᠰᠠᠭ ᠤᠨ ᠣᠷᠳᠣᠨ ᠤ ᠳᠤᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠣᠷᠣᠵᠦ ᠭᠠᠷᠬᠤ | ᠬᠠᠮᠢᠶᠠᠷᠤᠯᠲᠠ ᠶᠢᠨ ᠪᠠᠶᠢᠭᠤᠯᠤᠮᠵᠢ ᠳᠤ ᠡᠩ ᠤᠨ ᠫᠠᠰᠫᠣᠷᠲ ᠢᠶᠠᠨ ᠬᠤᠪᠢᠷᠠᠭᠤᠯᠵᠤ ᠨᠡᠮᠡᠨ ᠲᠣᠳᠣᠷᠬᠠᠶᠢᠯᠠᠬᠤ ᠶᠢ | ᠭᠤᠶᠤᠴᠢᠯᠠᠵᠤ᠂ ᠡᠭᠦᠨ ᠤ ᠵᠡᠷᠭᠡᠴᠡᠪᠡᠷ ᠡᠩ ᠤᠨ ᠫᠠᠰᠫᠣᠷᠲ᠂ ᠬᠠᠭᠤᠯᠪᠤᠷᠢ ᠪᠣᠯᠣᠨ ᠬᠤᠪᠢᠷᠠᠭᠤᠯᠵᠦ ᠨᠡᠮᠡᠨ | ᠲᠣᠳᠣᠷᠬᠠᠶᠢᠯᠠᠬᠤ ᠴᠢᠬᠤᠯᠠᠲ᠋ᠠᠢ ᠬᠡᠷᠡᠭ ᠶᠠᠪᠤᠳᠠᠯ ᠤᠨ ᠭᠡᠷᠡᠴᠢᠯᠡᠬᠦ ᠮᠠᠲ᠋ᠧᠷᠢᠶᠠᠯ ᠢᠶᠠᠨ ᠲᠤᠰᠢᠶᠠᠨ᠎ᠠ᠄ | ︵ᠨᠢᠭᠡ︶ ᠥᠩᠭᠡᠷᠡᠭᠡᠭᠰᠡᠨ ᠳᠤ ᠬᠡᠷᠡᠭᠯᠡᠵᠦ ᠪᠠᠶᠢᠭᠰᠠᠨ ᠨᠡᠷ᠎ᠡ᠂ ᠬᠢᠲᠠᠳ ᠦᠰᠦᠭ ᠤᠨ ᠬᠠᠭᠤᠴᠢᠨ | ᠪᠢᠴᠢᠯᠭᠡ ᠶᠢᠨ ᠨᠡᠷ᠎ᠡ᠂ ᠭᠠᠳᠠᠭᠠᠳᠤ ᠦᠰᠦᠭ ᠤᠨ ᠨᠡᠷ᠎ᠡ ᠪᠣᠶᠤ ᠪᠠᠷᠢᠮᠵᠢᠶ᠎ᠡ ᠪᠣᠰᠤ ᠬᠢᠲᠠᠳ ᠬᠡᠯᠡ ᠪᠠᠷ | ᠠᠪᠢᠶᠠᠯᠠᠭᠰᠠᠨ ᠨᠡᠷ᠎ᠡ︔ | ︵ᠬᠤᠶᠠᠷ︶ ᠥᠩᠭᠡ ᠵᠢᠰᠦ ᠨᠢ ᠨᠡᠯᠢᠶᠡᠳ ᠶᠡᠭᠡ ᠬᠤᠪᠢᠷᠠᠯᠲᠠ ᠭᠠᠷᠤᠭᠠᠳ᠂ ᠣᠶᠢᠷ᠎ᠠ ᠬᠤᠭᠤᠴᠠᠭᠠᠨ ᠤ | ᠭᠡᠷᠡᠯ ᠵᠢᠷᠤᠭ ᠢᠶᠠᠨ ᠨᠡᠮᠡᠵᠦ ᠲᠣᠳᠣᠷᠬᠠᠶᠢᠯᠠᠬᠤ ᠴᠢᠬᠤᠯᠠ ᠲᠠᠢ ᠪᠠᠶᠢᠬᠤ︔ | ︵ᠭᠤᠷᠪᠡ︶ ᠳᠤᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠣᠷᠣᠵᠦ ᠭᠠᠷᠬᠤ | ᠬᠠᠮᠢᠶᠠᠷᠤᠯᠲᠠ ᠶᠢᠨ ᠪᠠᠶᠢᠭᠤᠯᠤᠮᠵᠢ ᠶᠢᠨ ᠵᠦᠪᠰᠢᠶᠡᠷᠡᠭᠰᠡᠨ ᠪᠣᠰᠤᠳ ᠪᠠᠶᠢᠳᠠᠯ᠃ | |