ᠤᠷᠤᠭ ᠰᠠᠯᠬᠤ ᠶᠢ ᠳᠠᠩᠰᠠᠯᠠᠬᠤ ᠨᠥᠬᠦᠴᠡᠯ
ᠨᠡᠶᠢᠲᠡᠯᠡᠭᠰᠡᠨ ᠴᠠᠭ᠄
2015/8/24
         ᠨᠢᠭᠡ᠂ ᠤᠷᠤᠭ ᠤᠨ ᠪᠦᠷᠢᠳᠬᠡᠯ ᠤᠨ ᠭᠠᠵᠠᠷ ᠬᠠᠷᠢᠶᠠᠯᠠᠬᠤ ᠡᠷᠬᠡ ᠲᠠᠢ︔       ᠬᠤᠶᠠᠷ᠂ ᠤᠷᠤᠭ ᠰᠠᠯᠬᠤ ᠶᠢ ᠱᠠᠭᠠᠷᠳᠠᠭᠰᠠᠨ ᠡᠷ᠎ᠡ ᠡᠮ᠎ᠡ ᠬᠤᠶᠠᠷ ᠲᠠᠯ᠎ᠠ ᠬᠠᠮᠲᠤ ᠪᠠᠷ ᠤᠷᠤᠭ ᠳᠠᠩᠰᠠᠯᠠᠬᠤ  ᠭᠠᠵᠠᠷ ᠲᠤ ᠬᠦᠷᠴᠦ ᠭᠤᠶᠣᠴᠢᠯᠠᠯ ᠢᠶᠠᠨ ᠳᠤᠷᠠᠳᠤᠨ᠎ᠠ︔       ᠭᠤᠷᠪᠡ᠂ ᠬᠤᠶᠠᠷ ᠲᠠᠯ᠎ᠠ ᠪᠠᠷ ᠢᠶᠠᠨ ᠴᠦᠮ ᠢᠷᠭᠡᠨ ᠤ ᠬᠡᠷᠡᠭ ᠤᠨ ᠪᠦᠷᠢᠨ ᠦᠢᠯᠡ ᠠᠵᠢᠯᠯᠠᠭ᠎ᠠ ᠶᠢᠨ ᠴᠢᠳᠠᠪᠤᠷᠢ ᠲᠠᠢ ᠪᠠᠶᠢᠬᠤ ᠬᠡᠷᠡᠭᠲᠡᠢ︔      ᠳᠥᠷᠪᠡ᠂ ᠲᠤᠬᠠᠶᠢᠲᠠᠢ ᠬᠥᠮᠦᠨ ᠤᠷᠤᠭ ᠰᠠᠯᠬᠤ ᠵᠦᠪᠯᠡᠯᠴᠡᠭᠡᠷ ᠤᠨ ᠪᠢᠴᠢᠭ ᠲᠠᠢ ᠪᠠᠶᠢᠵᠦ᠂  ᠵᠦᠪᠯᠡᠯᠴᠡᠭᠡᠷ ᠤᠨ ᠪᠢᠴᠢᠭ ᠲᠤ ᠬᠤᠶᠠᠷ ᠲᠠᠯ᠎ᠠ ᠶᠢᠨ ᠰᠠᠶᠢᠨ ᠳᠤᠷ᠎ᠠ ᠠᠴᠠ ᠪᠠᠨ ᠤᠷᠤᠭ ᠰᠠᠯᠬᠤ ᠰᠠᠨᠠᠭ᠎ᠠ ᠶᠢ ᠢᠯᠡᠳᠭᠡᠭᠰᠡᠨ ᠵᠢᠴᠢ ᠦᠷ᠎ᠡ ᠬᠡᠦᠬᠡᠳ ᠢᠶᠠᠨ ᠠᠷᠠᠴᠢᠯᠠᠨ ᠲᠡᠵᠢᠭᠡᠬᠦ᠂ ᠡᠳ᠋ ᠬᠤᠭᠰᠢᠯ ᠪᠣᠯᠣᠨ ᠦᠷᠢ ᠰᠢᠷᠢ ᠶᠢᠨ  ᠠᠰᠠᠭᠤᠳᠠᠯ ᠢ ᠰᠢᠢᠳᠪᠥᠷᠢᠯᠡᠬᠦ ᠵᠡᠷᠭᠡ ᠵᠦᠢᠯ ᠢ ᠵᠦᠪᠳᠡᠯᠴᠡᠭᠡᠳ ᠨᠢᠭᠡᠲᠥᠭᠰᠡᠨ ᠰᠠᠨᠠᠯ ᠢ ᠲᠤᠳᠤᠷᠬᠠᠢ ᠲᠡᠮᠳᠡᠭᠯᠡᠨ᠎ᠡ︔      ᠲᠠᠪᠤ᠂ ᠲᠤᠬᠠᠶᠢᠲᠠᠢ ᠬᠥᠮᠦᠨ ᠳᠤ ᠳᠣᠲᠣᠷ ᠭᠠᠵᠠᠷ ᠤᠨ ᠤᠷᠤᠭ ᠳᠠᠩᠰᠠᠯᠠᠬᠤ ᠪᠠᠶᠢᠭᠤᠯᠭ᠎ᠠ ᠪᠣᠶᠤ  ᠳᠤᠮᠳᠠᠲᠤ  ᠣᠯᠣᠰ ᠤᠨ ᠭᠠᠳᠠᠭᠠᠳᠤ ᠳᠤ ᠰᠠᠭᠤᠭ᠎ᠠ ᠡᠯᠴᠢᠨ ᠰᠠᠶᠢᠳ ︵ᠺᠤᠨᠰᠦ᠋ᠯ︶ ᠤᠨ ᠶᠠᠮᠤᠨ ᠤ ᠣᠯᠭᠤᠭᠰᠠᠨ  ᠤᠷᠤᠭᠯᠠᠭᠰᠠᠨ  ᠦᠨᠡᠮᠯᠡᠯ ᠲᠠᠢ ᠪᠠᠶᠢᠬᠤ ᠬᠡᠷᠡᠭᠲᠡᠢ︔       ᠵᠢᠷᠭᠤᠭ᠎ᠠ᠂ ᠲᠤᠬᠠᠶᠢᠲᠠᠢ ᠬᠥᠮᠦᠨ ᠲᠤᠰ ᠲᠤᠰ ᠠᠰ ᠠᠰ ᠤᠨ ᠣᠶᠢᠷ᠎ᠠ ᠶᠢᠨ ᠬᠤᠭᠤᠴᠠᠭᠠᠨ ᠤ  ᠮᠠᠯᠠᠭᠠᠢ  ᠦᠭᠡᠢ ᠬᠠᠭᠠᠰ ᠪᠡᠶ᠎ᠡ ᠶᠢᠨ 2 ᠢᠮᠠᠬᠤ ᠶᠢᠨ ᠭᠡᠷᠡᠯ ᠵᠢᠷᠤᠭ ᠢ 2 ᠬᠤᠪᠢ ᠲᠣᠰᠢᠶᠠᠬᠤ ᠬᠡᠷᠡᠭᠲᠡᠢ︔       ᠳᠣᠯᠤᠭ᠎ᠠ᠂ ᠲᠤᠬᠠᠶᠢᠲᠠᠢ ᠬᠥᠮᠦᠨ ᠤᠷᠤᠭ ᠳᠠᠩᠰᠠᠯᠠᠭᠤᠯᠬᠤ ᠳᠤ ᠭᠠᠷᠳᠠᠵᠦ ᠪᠠᠶᠢᠬᠤ ᠶᠢ  ᠱᠠᠭᠠᠷᠳᠠᠭᠰᠠᠨ  ᠬᠡᠷᠡᠴᠢ ᠪᠢᠴᠢᠭ ᠲᠠᠢ ᠪᠠᠶᠢᠬᠤ ᠬᠡᠷᠡᠭᠲᠡᠢ᠃    
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号