| | ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠦᠭᠡ ᠠᠮᠠ ᠲᠠᠩᠰᠠᠯᠠᠬᠤ ᠲᠦᠷᠢᠮ︾ ᠤᠨ | ᠠᠷᠪᠠᠳᠤᠭᠠᠷ ᠵᠦᠢᠯ᠄ ᠠᠷᠠᠳ ᠢᠷᠭᠡᠳ ᠲᠤᠰ ᠡᠷᠦᠭᠡ ᠠᠮᠠ ᠶᠢᠨ ᠬᠠᠮᠢᠶᠠᠷᠤᠯᠳᠠ ᠶᠢᠨ ᠲᠤᠭᠤᠷᠢᠭ ᠠᠴᠠ ᠨᠡᠬᠦᠨ | ᠰᠢᠯᠵᠢᠬᠦ ᠳᠤ᠂ ᠲᠤᠰ ᠬᠦᠮᠦᠨ ᠪᠤᠶᠤ ᠡᠷᠦᠭᠡ ᠶᠢᠨ ᠡᠵᠡᠨ ᠨᠢ ᠨᠡᠬᠦᠨ ᠰᠢᠯᠵᠢᠬᠦ ᠠᠴᠠ ᠪᠠᠨ ᠡᠮᠦᠨ᠎ᠡ᠂ ᠡᠷᠦᠭᠡ ᠠᠮᠠ | ᠲᠠᠩᠰᠠᠯᠠᠬᠤ ᠪᠠᠶᠢᠭᠤᠯᠭ᠎ᠠ ᠳᠤ ᠨᠡᠬᠦᠯᠭᠡᠨ ᠰᠢᠯᠵᠢᠬᠦᠯᠬᠦ ᠲᠠᠩᠰᠠᠯᠠᠯ ᠬᠢᠯᠬᠡᠬᠦ ᠪᠠᠷ ᠭᠤᠶᠤᠴᠢᠯᠠᠨ ᠮᠡᠳᠡᠬᠦᠯᠵᠤ᠂ ᠨᠡᠬᠦᠨ | ᠰᠢᠯᠵᠢᠬᠦ ᠬᠡᠷᠡᠴᠢ ᠪᠢᠴᠢᠭ ᠢ ᠠᠪᠴᠤ᠂ ᠡᠷᠦᠭᠡ ᠠᠮᠠ ᠪᠠᠨ ᠬᠦᠴᠦᠨ ᠦᠭᠡᠢ ᠪᠤᠯᠭᠠᠨ᠎ᠠ᠃ | ᠠᠷᠠᠳ ᠢᠷᠭᠡᠳ ᠬᠥᠳᠡᠭᠡ ᠲᠤᠰᠬᠤᠨ ᠠᠴᠠ ᠬᠤᠳᠠ ᠤᠷᠤᠭᠤ ᠨᠡᠭᠦᠪᠡᠯ᠂ ᠡᠷᠬᠡᠪᠰᠢ ᠬᠤᠳᠠ ᠶᠢᠨ | ᠬᠥᠳᠡᠯᠮᠦᠷᠢ ᠶᠢᠨ ᠰᠠᠯᠠᠭ᠎ᠠ ᠮᠥᠴᠢᠷ ᠤᠨ ᠡᠯᠰᠡᠨ ᠬᠡᠷᠡᠭᠯᠡᠬᠦ ᠭᠡᠷᠡᠴᠢ᠂ ᠰᠤᠷᠭᠠᠭᠤᠯᠢ ᠶᠢᠨ ᠡᠯᠰᠡᠬᠦ ᠦᠨᠡᠮᠯᠡᠯ | ᠡᠰᠡᠬᠦᠯ᠎ᠡ ᠬᠤᠳᠠ ᠶᠢᠨ ᠡᠷᠦᠭᠡ ᠠᠮᠠ ᠳᠠᠩᠰᠠᠯᠠᠬᠤ ᠪᠠᠶᠢᠭᠤᠯᠭ᠎ᠠ ᠠᠴᠠ ᠨᠡᠭᠦᠨ ᠣᠷᠣᠬᠤ ᠶᠢ ᠨᠢ ᠵᠦᠪᠰᠢᠶᠡᠷᠡᠭᠰᠡᠨ | ᠭᠡᠷᠡᠴᠢ ᠪᠠᠨ ᠠᠪᠤᠨ᠂ ᠪᠠᠶᠢᠩᠭᠤ ᠰᠠᠭᠤᠭ᠎ᠠ ᠭᠠᠵᠠᠷ ᠤᠨ ᠡᠷᠦᠭᠡ ᠠᠮᠠ ᠳᠠᠩᠰᠠᠯᠠᠬᠤ ᠪᠠᠶᠢᠭᠤᠯᠭ᠎ᠠ ᠳᠤ ᠤᠴᠢᠵᠦ | ᠨᠡᠭᠦᠨ ᠰᠢᠯᠵᠢᠬᠦ ᠭᠠᠷᠳᠠᠮ ᠭᠦᠢᠴᠡᠳᠬᠡᠨ᠎ᠡ᠃ | ᠠᠷᠠᠳ ᠢᠷᠭᠡᠳ ᠬᠢᠯᠢ ᠶᠢᠨ ᠬᠠᠮᠠᠭᠠᠯᠠᠯᠲᠠ ᠶᠢᠨ ᠣᠷᠣᠨ ᠳᠤ ᠨᠡᠭᠦᠵᠦ ᠣᠴᠢᠪᠠᠯ᠂ ᠡᠷᠬᠡᠪᠰᠢ ᠪᠠᠶᠢᠩᠭᠤ | ᠰᠠᠭᠤᠭ᠎ᠠ ᠭᠠᠵᠠᠷ ᠤᠨ ᠰᠢᠶᠠᠨ᠂ ᠬᠤᠳᠠ᠂ ᠬᠤᠳᠠ ᠶᠢᠨ ᠬᠠᠷᠢᠶ᠎ᠠ ᠲᠣᠭᠤᠷᠢᠭ ᠤᠨ ᠲᠣᠳᠣᠭᠠᠳᠣ ᠶᠢ ᠬᠠᠮᠠᠭᠠᠯᠠᠬᠤ | ᠪᠠᠶᠢᠭᠤᠯᠭ᠎ᠠ ᠪᠠᠷ ᠵᠦᠪᠰᠢᠶᠡᠷᠡᠬᠦᠯᠬᠦ ᠬᠡᠷᠡᠭᠲᠡᠢ᠃ | ᠠᠷᠪᠠᠨ ᠨᠢᠭᠡᠳᠦᠭᠡᠷ ᠵᠦᠢᠯ᠄ ᠴᠡᠷᠢᠭ ᠤᠨ ᠠᠯᠪᠠ ᠬᠠᠭᠠᠬᠤ ᠪᠠᠷ ᠡᠯᠰᠡᠭᠳᠡᠭᠰᠡᠨ ᠠᠷᠠᠳ ᠢᠷᠭᠡᠳ᠂ | ᠴᠡᠷᠢᠭ ᠲᠤ ᠣᠷᠣᠬᠤ ᠠᠴᠠ ᠡᠮᠦᠨ᠎ᠡ᠂ ᠲᠤᠰ ᠬᠦᠮᠦᠨ ᠪᠤᠶᠤ ᠡᠷᠦᠭᠡ ᠶᠢᠨ ᠡᠵᠡᠨ ᠨᠢ ᠠᠷᠠᠳ ᠢᠷᠭᠡᠳ ᠢ ᠴᠡᠷᠢᠭ ᠲᠤ | ᠡᠯᠰᠡᠭᠰᠡᠨ ᠮᠡᠳᠡᠭᠳᠡᠯ ᠤᠨ ᠪᠢᠴᠢᠭ ᠢᠶᠠᠨ ᠠᠪᠴᠤ ᠪᠠᠶᠢᠩᠭᠤ ᠰᠠᠭᠤᠭ᠎ᠠ ᠭᠠᠵᠠᠷ ᠤᠨ ᠡᠷᠦᠭᠡ ᠠᠮᠠ ᠳᠠᠩᠰᠠᠯᠠᠬᠤ | ᠪᠠᠶᠢᠭᠤᠯᠭ᠎ᠠ ᠳᠤ ᠤᠴᠢᠨ ᠨᠡᠭᠦᠨ ᠰᠢᠯᠵᠢᠬᠦ ᠶᠢ ᠳᠠᠩᠰᠠᠯᠠᠭᠤᠯᠬᠤ᠂ ᠡᠷᠦᠭᠡ ᠠᠮᠠ ᠪᠠᠨ ᠬᠠᠰᠤᠭᠤᠯᠬᠤ ᠪᠠᠷ | ᠭᠤᠶᠤᠴᠢᠯᠠᠨ ᠮᠡᠳᠡᠭᠦᠯᠤᠨ᠎ᠡ᠂ ᠨᠡᠭᠦᠨ ᠰᠢᠯᠵᠢᠬᠦ ᠭᠡᠷᠡᠴᠢ ᠤᠯᠭᠤᠬᠤ ᠦᠭᠡᠢ᠃ | ᠠᠷᠪᠠᠨ ᠬᠤᠶᠠᠳᠤᠭᠠᠷ ᠵᠦᠢᠯ᠄ ᠪᠠᠷᠢᠪᠴᠢᠯᠠᠭᠳᠠᠭᠰᠠᠨ ᠶᠠᠯᠠᠳᠠᠨ ᠤ ᠬᠢ ᠪᠤᠯ᠂ ᠪᠠᠷᠢᠪᠴᠢᠯᠠᠭᠰᠠᠨ | ᠪᠠᠶᠢᠭᠤᠯᠭ᠎ᠠ ᠠᠴᠠ ᠶᠠᠯᠠᠲᠠᠨ ᠤ ᠭᠡᠷ ᠤᠨ ᠬᠦᠮᠦᠨ ᠳᠤ ᠮᠡᠳᠡᠭᠳᠡᠬᠦ ᠶᠢᠨ ᠬᠠᠮᠲᠤ᠂ ᠶᠠᠯᠠᠲᠠᠨ ᠤ ᠪᠠᠶᠢᠩᠭᠤ ᠰᠠᠭᠤᠭ᠎ᠠ | ᠭᠠᠵᠠᠷ ᠤᠨ ᠡᠷᠦᠭᠡ ᠠᠮᠠ ᠳᠠᠩᠰᠠᠯᠠᠬᠤ ᠪᠠᠶᠢᠭᠤᠯᠭ᠎ᠠ ᠳᠤ ᠮᠡᠳᠡᠭᠳᠡᠵᠦ ᠡᠷᠦᠭᠡ ᠠᠮᠠ ᠶᠢ ᠨᠢ ᠬᠠᠰᠤᠭᠤᠯᠤᠨᠡ᠃ | |