ᠨᠠᠰᠣᠨ ᠳᠤ ᠦᠯᠦ ᠬᠦᠷᠦᠭᠰᠡᠳ ᠤᠨ ᠡᠴᠢᠭᠡ ᠡᠭᠡ ᠪᠤᠯ ᠨᠠᠰᠤᠨ ᠳᠤ ᠦᠯᠦ ᠬᠦᠷᠦᠭᠰᠡᠳ ᠤᠨ ᠬᠠᠷᠠᠭᠠᠯᠵᠠᠨ | ᠬᠠᠮᠠᠭᠠᠯᠠᠭᠴᠢ ᠮᠦᠨ᠃ ᠨᠠᠰᠤᠨ ᠳᠤ ᠦᠯᠦ ᠬᠦᠷᠦᠭᠰᠡᠳ ᠤᠨ ᠡᠴᠢᠭᠡ ᠡᠭᠡ ᠨᠢ ᠨᠢᠭᠡᠨᠳᠡ ᠦᠭᠦᠭᠰᠡᠨ ᠪᠤᠶᠤ | ᠬᠠᠷᠠᠭᠠᠯᠵᠠᠨ ᠬᠠᠮᠠᠭᠠᠯᠠᠬᠤ ᠴᠢᠳᠠᠪᠤᠷᠢ ᠦᠭᠡᠢ ᠪᠤᠯ ᠲᠤᠤᠷᠠᠬᠢ ᠮᠡᠳᠦ ᠬᠠᠷᠠᠭᠠᠯᠵᠠᠨ ᠬᠠᠮᠠᠭᠠᠯᠠᠬᠤ ᠴᠢᠳᠠᠪᠤᠷᠢ ᠲᠠᠢ | ᠬᠦᠮᠦᠨ ᠨᠢ ᠬᠠᠷᠠᠭᠠᠯᠵᠠᠨ ᠬᠠᠮᠠᠭᠠᠯᠠᠭᠴᠢ ᠪᠤᠯᠤᠨ᠎ᠠ᠃ | ᠡᠪᠦᠭᠡ ᠡᠮᠡᠭᠡ᠂ ᠨᠠᠭᠠᠴᠦ ᠡᠪᠦᠭᠡ ᠡᠮᠡᠭᠡ ᠪᠤᠯᠤᠨ ᠠᠬ᠎ᠠ ᠡᠭᠡᠴᠢ ᠬᠠᠷᠠᠭᠠᠯᠵᠠᠨ ᠬᠠᠮᠠᠭᠠᠯᠠᠬᠤ ᠬᠠᠷᠢᠭᠤᠴᠠᠯᠭ᠎ᠠ | ᠡᠭᠦᠷᠭᠡᠯᠡᠬᠦ ᠲᠤᠷᠠᠲᠠᠢ ᠪᠦᠭᠡᠳ ᠨᠠᠰᠣᠨ ᠳᠤ ᠦᠯᠦ ᠬᠦᠷᠦᠭᠰᠡᠳ ᠤᠨ ᠡᠴᠢᠭᠡ ᠡᠬᠡ ᠶᠢᠨ ᠪᠠᠶᠢᠭ᠎ᠠ ᠨᠢᠭᠡᠴᠢ ᠪᠤᠶᠤ | ᠨᠠᠰᠣᠨ ᠳᠤ ᠦᠯᠦ ᠬᠦᠷᠦᠭᠰᠡᠳ ᠤᠨ ᠣᠷᠣᠨ ᠰᠠᠭᠤᠴᠠ ᠶᠢᠨ ᠪᠠᠶᠢᠭ᠎ᠠ ᠭᠠᠵᠠᠷ ᠤᠨ ᠰᠠᠭᠤᠭᠠᠯᠢ ᠠᠷᠠᠳ ᠤᠨ ᠵᠦᠪᠯᠡᠯ | ᠭᠠᠴᠠᠭ᠎ᠠ ᠶᠢᠨ ᠠᠷᠠᠳ ᠤᠨ ᠵᠦᠪᠯᠡᠯ ᠤᠨ ᠵᠦᠪᠰᠢᠶᠡᠷᠡᠯ ᠢ ᠤᠯᠤᠭᠰᠠᠨ ᠲᠤᠳᠦᠨᠤ ᠬᠠᠷᠢᠴᠠᠭ᠎ᠠ ᠲᠠᠢ ᠪᠤᠰᠤᠳ ᠲᠦᠷᠦᠯ | ᠰᠠᠳᠣᠨ᠂ ᠨᠠᠶᠢᠵᠡ ᠨᠦᠬᠦᠳ᠃ ᠬᠠᠷᠠᠭᠠᠯᠵᠠᠨ ᠬᠠᠮᠠᠭᠠᠯᠠᠭᠴᠢ ᠪᠤᠯᠬᠤ ᠬᠦᠮᠦᠨ ᠤ ᠲᠤᠬᠠᠢ ᠮᠠᠷᠭᠤᠭᠠᠨ ᠭᠠᠷᠪᠠᠯ | ᠨᠠᠰᠤᠨ ᠳᠤ ᠦᠯᠦ ᠬᠦᠷᠦᠭᠰᠡᠳ ᠤᠨ ᠡᠴᠢᠭᠡ ᠡᠬᠡ ᠶᠢᠨ ᠪᠠᠶᠢᠭ᠎ᠠ ᠨᠢᠭᠡᠴᠢ ᠪᠤᠶᠤ ᠨᠠᠰᠣᠨ ᠳᠤ ᠦᠯᠦ | ᠬᠦᠷᠦᠭᠰᠡᠳ ᠤᠨ ᠣᠷᠣᠨ ᠰᠠᠭᠤᠴᠠ ᠶᠢᠨ ᠪᠠᠶᠢᠭ᠎ᠠ ᠭᠠᠵᠠᠷ ᠤᠨ ᠰᠠᠭᠤᠭᠠᠯᠢ ᠠᠷᠠᠳ ᠤᠨ ᠵᠦᠪᠯᠡᠯ᠂ ᠭᠠᠴᠠᠭᠠᠨ ᠤ | ᠠᠷᠠᠳ ᠤᠨ ᠵᠦᠪᠯᠡᠯ ᠠᠴᠠ ᠣᠶᠢᠷ᠎ᠡ ᠲᠦᠷᠦᠯ ᠰᠠᠳᠣᠨ ᠤ ᠬᠢᠨᠢ ᠲᠤᠳᠤᠷ᠎ᠡ ᠠᠴᠠ ᠲᠤᠭᠳᠠᠭᠠᠵᠦ ᠦᠭᠬᠦᠨ᠎ᠡ᠃ | ᠲᠤᠭᠳᠠᠭᠠᠭᠰᠠᠨ ᠢ ᠵᠦᠪᠰᠢᠶᠡᠷᠡᠭᠦ ᠦᠭᠡᠢ ᠵᠠᠭᠠᠯᠳᠤᠪᠠᠯ ᠠᠷᠠᠳ ᠤᠨ ᠰᠢᠭᠦᠭᠦ ᠬᠤᠷᠢᠶ᠎ᠠ ᠲᠠᠰᠤᠯᠤᠨ ᠲᠤᠭᠳᠠᠭᠠᠨ᠎ᠠ᠃ | | ᠨᠢᠭᠡᠳᠦᠭᠡᠷ ᠵᠤᠷᠪᠤᠰ ᠪᠤᠯᠤᠨ ᠬᠤᠶᠠᠳᠤᠭᠠᠷ ᠵᠤᠷᠪᠤᠰ ᠲᠤ ᠲᠤᠭᠳᠠᠭᠠᠭᠰᠠᠨ ᠬᠠᠷᠠᠭᠠᠯᠵᠠᠨ ᠬᠠᠮᠠᠭᠠᠯᠠᠭᠴᠢ ᠪᠠᠶᠢᠬᠤ | ᠦᠭᠡᠢ ᠪᠤᠯ ᠨᠠᠰᠤᠨ ᠳᠤ ᠦᠯᠦ ᠬᠦᠷᠦᠭᠰᠡᠳ ᠤᠨ ᠡᠴᠢᠭᠡ ᠡᠬᠡ ᠶᠢᠨ ᠪᠠᠶᠢᠭ᠎ᠠ ᠨᠢᠭᠡᠴᠢ ᠪᠤᠶᠤ ᠨᠠᠰᠤᠨ ᠳᠤ ᠦᠯᠦ | ᠬᠦᠷᠦᠭᠰᠡᠳ ᠤᠨ ᠣᠷᠣᠨ ᠰᠠᠭᠤᠴᠠ ᠶᠢᠨ ᠪᠠᠶᠢᠭ᠎ᠠ ᠭᠠᠵᠠᠷ ᠤᠨ ᠰᠠᠭᠤᠭᠠᠯᠢ ᠠᠷᠠᠳ ᠤᠨ ᠵᠦᠪᠯᠡᠯ᠂ ᠭᠠᠴᠠᠭᠠᠨ ᠤ | ᠠᠷᠠᠳ ᠤᠨ ᠵᠦᠪᠯᠡᠯ ᠪᠤᠶᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠬᠠᠷᠠᠭᠠᠯᠵᠠᠨ ᠬᠠᠮᠠᠭᠠᠯᠠᠭᠴᠢ ᠪᠤᠯᠤᠨ᠎ᠠ᠃ |