ᠤᠯᠠᠭᠠᠨᠬᠠᠲᠠ ᠬᠤᠲᠠ ᠶᠢᠨ ᠯᠢᠶᠣᠤ ᠣᠯᠣᠰ ᠤᠨ ᠦᠶ᠎ᠡ ᠶᠢᠨ ᠲᠤᠮᠲᠠ ᠨᠠᠶᠢᠰᠯᠡᠯ ᠤᠨ ᠪᠠᠭᠤᠷᠢ ᠳᠡᠭᠡᠷᠡᠬᠢ ᠨᠠᠢᠮᠠᠨ | ᠬᠤᠰᠢᠭᠤᠲᠤ ᠨᠢᠭᠤᠴᠠ ᠰᠠᠷᠠᠪᠴᠢᠲᠤ ᠮᠠᠶ᠋ᠢᠭ ᠤᠨ ᠲᠤᠭᠤᠰᠬᠠᠨ ᠰᠤᠪᠤᠷᠭ᠎ᠠ ︵ ᠪᠠᠰᠠ ᠳ᠋ᠠ ᠮᠢᠩ ᠲᠠ ᠰᠤᠪᠤᠷᠭ᠎ᠠ | ᠭᠡᠳᠡᠭ︶ ᠪᠣᠯ 80.22 ᠮᠧᠲᠷ ᠦᠨᠳᠦᠷ᠂ 113 ᠮᠧᠲᠷ ᠬᠥᠷᠢᠶᠡᠨ ᠤ ᠤᠷᠳᠤ ᠪᠦᠬᠦᠢ ᠮᠠᠨ ᠤ ᠣᠯᠣᠰ ᠤᠨ | ᠤᠲᠤ ᠦᠯᠡᠳᠡᠭᠳᠡᠵᠦ ᠪᠠᠶᠢᠭ᠎ᠠ ᠡᠵᠡᠯᠡᠭᠦᠨ ᠢᠶᠠᠷ ᠬᠠᠮᠤᠭ ᠤᠨ ᠶᠡᠭᠡ ᠯᠢᠶᠤᠤ ᠣᠯᠣᠰ ᠤᠨ ᠦᠶ᠎ᠡ ᠶᠢᠨ ᠡᠷᠲᠡᠨ ᠤ | ᠰᠤᠪᠣᠷᠭ᠎ᠠ ᠪᠣᠯᠤᠨ᠎ᠠ᠃ | ᠳ᠋ᠠ ᠮᠢᠩ ᠲᠠ ᠰᠤᠪᠤᠷᠭ᠎ᠠ ᠨᠢ ᠣᠯᠠᠭᠠᠨᠬᠠᠲᠠ ᠬᠤᠲᠠ ᠠᠴᠠ 120 ᠺᠢᠯᠣᠮᠧᠲᠷ ᠵᠠᠢ ᠲᠠᠢ ᠨᠢᠩᠴᠧᠩ ᠰᠢᠶᠠᠨ ᠤ | ᠳ᠋ᠠ ᠮᠢᠩ ᠪᠠᠯᠭᠠᠰᠣᠨ ᠤ ᠯᠢᠶᠣᠤ ᠤᠯᠤᠰ ᠤᠨ ᠲᠤᠮᠲᠠ ᠨᠡᠶᠢᠰᠯᠡᠯ ᠤᠨ ᠪᠠᠭᠤᠷᠢ ᠳᠤ ᠪᠠᠶᠢᠷᠢᠰᠢᠯ ᠲᠠᠢ᠃ ᠯᠢᠶᠣᠤ | ᠣᠯᠣᠰ ᠤᠨ ᠲᠤᠮᠲᠠ ᠨᠡᠶᠢᠰᠯᠡᠯ ᠪᠣᠯ ᠯᠢᠶᠣᠤ ᠣᠯᠣᠰ ᠤᠨ ᠬᠠᠮᠤᠭ ᠤᠨ ᠪᠠᠳᠠᠷᠠᠨ ᠬᠦᠭᠵᠢᠭᠰᠡᠨ ᠴᠠᠭ ᠦᠶ᠎ᠡ ᠶᠢᠨ | ᠨᠠᠶᠢᠰᠯᠡᠯ ᠬᠤᠲᠠ ᠮᠥᠨ᠂ ᠨᠡᠶᠢᠲᠡ ᠶᠢᠨ ᠣᠨ ᠲᠣᠭᠠᠯᠠᠯ ᠤᠨ 1007 ᠣᠨ ᠳᠤ ᠪᠠᠶᠢᠭᠤᠯᠵᠠᠢ᠃ ᠯᠢᠶᠣᠤ | ᠣᠯᠣᠰ ᠤᠨ ᠲᠤᠮᠲᠠ ᠨᠡᠶᠢᠰᠯᠡᠯ ᠤᠨ ᠪᠠᠭᠤᠷᠢ ᠳᠡᠭᠡᠷᠡᠬᠢ ᠡᠨᠡᠬᠦ 13 ᠲᠡᠭᠳᠡᠷ ᠤᠨ ᠨᠠᠢᠮᠠᠯᠵᠢᠨ ᠬᠡᠯᠪᠡᠷᠢ ᠶᠢᠨ ᠨᠢᠭᠤᠴᠡ | ᠰᠠᠷᠠᠪᠴᠢᠲᠦ ᠴᠣᠯ ᠲᠤᠭᠤᠰᠬᠠᠨ ᠰᠤᠪᠤᠷᠭ᠎ᠠ ᠪᠣᠯ ᠮᠠᠨ ᠤ ᠣᠯᠣᠰ ᠤᠨ ᠤᠲᠤ ᠦᠯᠡᠳᠡᠭᠳᠡᠵᠦ ᠪᠠᠶᠢᠭ᠎ᠠ ᠲᠤᠭᠤᠰᠬᠠᠨ | ᠰᠤᠪᠤᠷᠭ᠎ᠠ ᠶᠢᠨ ᠲᠤᠳᠤᠷᠠᠬᠢ ᠬᠠᠮᠤᠭ ᠤᠨ ᠰᠠᠶᠢᠨ ᠬᠠᠳᠠᠭᠠᠯᠠᠬᠳᠠᠵᠦ ᠪᠠᠶᠢᠭ᠎ᠠ᠂ ᠡᠵᠡᠯᠡᠬᠦᠨ ᠢᠶᠠᠷ ᠬᠠᠮᠤᠭ ᠤᠨ ᠶᠡᠭᠡ | ᠡᠷᠲᠡᠨ ᠤ ᠰᠤᠪᠤᠷᠭ᠎ᠠ ᠪᠣᠯᠣᠨ᠎ᠠ᠃ ᠳ᠋ᠠ ᠮᠢᠩ ᠲᠠ ᠰᠤᠪᠤᠷᠭ᠎ᠠ ᠨᠢ ᠪᠤᠷᠤᠬᠵᠢᠭᠤᠨ ᠣᠮᠣᠭᠯᠠᠩ᠂ ᠰᠥᠮᠪᠥᠷ ᠰᠦᠷᠲᠠᠢ | ᠪᠣᠯᠬᠤᠷ ᠬᠡᠳᠦᠨ ᠠᠷᠪᠠᠨ ᠭᠠᠵᠠᠷ ᠤᠨ ᠬᠤᠯᠠ ᠠᠴᠠ ᠲᠡᠭᠦᠨ ᠤ ᠰᠦᠷᠯᠢᠭ ᠲᠥᠷᠢ ᠶᠢ ᠣᠯᠵᠦ ᠬᠠᠷᠠᠳᠠᠭ᠃ | | | ᠯᠢᠶᠣᠤ ᠤᠯᠤᠰ ᠤᠨ ᠲᠤᠮᠲᠠ ᠨᠡᠶᠢᠰᠯᠡᠯ ᠪᠣᠯ ᠯᠢᠶᠣᠤ ᠣᠯᠣᠰ ᠤᠨ ᠣᠯᠣᠰ ᠲᠥᠷᠥ᠂ ᠠᠵᠦ ᠠᠬᠤᠢ᠂ ᠰᠤᠶᠤᠯ ᠤᠨ | ᠲᠥᠪ ᠤᠨ ᠨᠢᠭᠡ ᠮᠥᠨ᠂ ᠲᠡᠭᠦᠨ ᠤ ᠬᠦᠷᠢᠶ᠎ᠡ ᠬᠡᠪᠴᠢᠶ᠎ᠡ ᠪᠠ ᠶᠡᠩᠵᠦ ᠬᠡᠯᠪᠡᠷᠢ ᠨᠢ ᠤᠮᠠᠷᠠᠲᠤ ᠰᠥᠩ ᠣᠯᠣᠰ ᠤᠨ | ᠦᠶ᠎ᠡ ᠶᠢᠨ ᠨᠡᠶᠢᠰᠯᠡᠯ ᠪᠢᠶᠠᠨᠯᠢᠶᠠᠩ ᠢ ᠲᠠᠭᠤᠷᠢᠶᠠᠵᠦ ᠪᠠᠶᠢᠭᠤᠯᠵᠠᠢ᠃ ᠬᠤᠲᠠ ᠶᠢᠨ ᠭᠡᠷᠡᠮ ᠢ ᠭᠤᠷᠪᠠᠨ ᠲᠠᠪᠬᠤᠷ | ᠪᠠᠶᠢᠭᠤᠯᠵᠦ᠂ ︽回︾ ᠦᠰᠦᠭ ᠤᠨ ᠬᠡᠯᠪᠡᠷᠢ ᠪᠠᠷ ᠪᠠᠶᠢᠷᠢᠰᠢᠨ᠂ ᠬᠤᠲᠠ ᠶᠢᠨ ᠭᠠᠳᠠᠨ᠎ᠠ ᠭᠢᠳᠠᠳ᠂ ᠬᠤᠳᠤᠩ᠂ | ᠵᠦᠷᠴᠢᠨ ᠵᠡᠷᠭᠡ ᠦᠨᠳᠦᠰᠦᠳᠡᠨ ᠤ ᠡᠭᠡᠯ ᠠᠷᠠᠳ ᠰᠠᠭᠤᠷᠢᠰᠢᠨ ᠠᠮᠢᠳᠤᠷᠠᠵᠦ᠂ ᠬᠤᠲᠠ ᠶᠢᠨ ᠲᠤᠳᠤᠷ᠎ᠠ ᠭᠤᠤᠯᠳᠠᠭᠤ | ᠬᠢᠳᠠᠨ ᠥᠨᠳᠥᠰᠥᠳᠡᠨ ᠤ ᠡᠭᠡᠯ ᠠᠷᠠᠳ ᠪᠠ ᠬᠢᠷᠢ ᠬᠡᠮ ᠨᠢ ᠡᠭᠡᠯ ᠲᠤᠤᠷ᠎ᠠ ᠨᠤᠶᠠᠳ ᠲᠦᠰᠢᠮᠡᠳ ᠠᠮᠢᠳᠤᠷᠠᠨ᠂ | ᠬᠠᠭᠠᠨ ᠤ ᠬᠤᠲᠠ ᠳᠤ ᠬᠢᠳᠡᠨ ᠦᠨᠳᠦᠰᠦᠳᠡᠨ ᠤ ᠢᠵᠠᠭᠤᠷᠳᠠᠨ ᠠᠮᠢᠳᠤᠷᠠᠳᠠᠭ᠂ ᠬᠠᠭᠠᠨ ᠤ ᠬᠤᠲᠠ ᠶᠢᠨ ᠲᠤᠳᠤᠷ᠎ᠠ | ᠲᠡᠭᠡᠳᠤᠰ ᠤᠨ ᠰᠥᠮ᠎ᠡ ᠪᠤᠯᠤᠨ ᠡᠯ᠎ᠡ ᠲᠥᠷᠥᠯ ᠤᠨ ᠤᠷᠳᠤ ᠬᠠᠷᠰᠢ ᠵᠡᠷᠭᠡ ᠲᠤᠮᠤ ᠬᠡᠯᠪᠡᠷᠢ ᠶᠢᠨ ᠪᠠᠷᠢᠯᠭ᠎ᠠ ᠪᠠᠶᠢᠳᠠᠭ᠃ | ᠰᠢᠨ᠎ᠡ ᠲᠤᠮᠳᠠᠳᠤ ᠤᠯᠤᠰ ᠪᠠᠶᠢᠭᠤᠯᠤᠬᠳᠠᠬᠰᠠᠨ ᠤ ᠳᠠᠷᠠᠭ᠎ᠠ ᠂ ᠯᠢᠶᠣᠤ ᠣᠯᠣᠰ ᠤᠨ ᠲᠤᠮᠳᠠ ᠨᠠᠶᠢᠰᠯᠡᠯ ᠤᠨ | ᠪᠠᠭᠤᠷᠢ ᠨᠢ ᠣᠯᠣᠰ ᠤᠨ ᠨᠢᠭᠡᠳᠤᠭᠡᠷ ᠲᠡᠰ ᠤᠨ ᠲᠡᠤᠭᠡ ᠶᠢᠨ ᠲᠤᠷᠠᠰᠬᠠᠯᠲᠦ ᠵᠤᠶᠢᠯ ᠢ ᠬᠠᠮᠠᠭᠠᠯᠠᠬᠤ ᠨᠢᠭᠡᠴᠡ ᠪᠠᠷ | ᠲᠤᠬᠳᠠᠭᠠᠬᠳᠠᠵᠠᠢ᠃ | |