ᠲᠦᠪᠡᠳ ᠬᠠᠰᠢ ᠠᠴᠠ ᠲᠡᠷᠭᠡᠯᠰᠢᠭᠰᠡᠨ ᠴᠢᠨᠡᠭᠡᠯᠢᠭᠵᠢᠯ ᠤᠨ ᠬᠦᠰᠡᠯ
ᠨᠡᠶᠢᠲᠡᠯᠡᠭᠰᠡᠨ ᠴᠠᠭ᠄
2020/9/29
         — ᠲᠦᠪᠡᠳ ᠬᠠᠰᠢ ᠶᠢᠨ ᠠᠵᠤ ᠦᠢᠯᠡᠰ ᠢᠶᠠᠷ ᠶᠠᠳᠠᠭᠤ ᠠᠴᠠ ᠠᠩᠬᠢᠵᠢᠷᠠᠬᠰᠠᠨ ᠲᠤᠤᠷ᠎ᠠ ᠲᠠᠪᠤᠨᠬᠡᠷ  ᠭᠠᠴᠠᠭ᠎ᠠ ᠶᠢ ᠲᠡᠮᠳᠡᠭᠯᠡᠪᠡ    ᠰᠤᠷᠪᠤᠯᠵᠢᠯᠠᠬᠴᠢ ᠠᠭᠤᠯᠠ ᠤᠯᠠᠭᠠᠬᠤᠳᠤ ᠨᠠᠷᠠᠨᠮᠠᠨᠳᠦᠯ ᠎ᠠ        ᠨᠢᠩᠴᠧᠩ ᠰᠢᠶᠠᠨ ᠤ ᠳᠡᠭᠡᠷ᠎ᠡ ᠬᠤᠷᠤᠭ᠎ᠠ ᠪᠠᠯᠭᠠᠰᠤᠨ ᠤ ᠲᠤᠤᠷ᠎ᠠ ᠲᠠᠪᠤᠨᠬᠡᠷ ᠭᠠᠴᠠᠭ᠎ᠠ ᠨᠢ ᠪᠠᠯᠭᠠᠰᠤᠨ ᠤ  ᠵᠠᠰᠠᠬ ᠤᠨ ᠤᠷᠳᠤᠨ ᠠᠴᠠ ᠵᠡᠭᠦᠨᠰᠢ 2 ᠺᠢᠯᠣᠮᠧᠲᠷ ᠵᠠᠶᠢᠳᠠᠢ ᠪᠠᠶᠢᠷᠢᠯᠠᠵᠤ᠂ ᠪᠦᠭᠦ ᠭᠠᠴᠠᠭ᠎ᠠ ᠳᠤ 10 ᠲᠤᠭᠤᠢᠢᠯᠠᠩ  ᠂ 661 ᠡᠷᠦᠬᠡ᠂ 2392 ᠭᠦᠮᠦᠨ ᠠᠮᠠ ᠲᠠᠢ᠂ ᠡᠭᠦᠨ ᠳᠤ ᠮᠤᠩᠭᠤᠯ ᠦᠨᠳᠦᠰᠦᠳᠡᠨ ᠤ ᠬᠦᠮᠦᠨ ᠠᠮᠠ 1299  ᠪᠠᠶᠢᠵᠤ᠂ ᠶᠡᠷᠦᠩᠬᠡᠢ ᠭᠦᠮᠦᠨ ᠠᠮᠠ ᠶᠢᠨ 54.3% ᠶᠢ ᠡᠵᠡᠯᠡᠵᠤ ᠪᠤᠢ᠃ 2020 ᠤᠨ ᠳᠤ ᠪᠦᠭᠦ ᠲᠤᠰᠬᠤᠨ ᠳᠤ ᠲᠤᠤᠷ᠎ᠠ ᠪᠠᠳᠤᠯᠠᠭᠠᠳᠤ ᠡᠷᠦᠬᠡ 93᠂ 139 ᠭᠦᠮᠦᠨ ᠠᠮᠠ᠂ ᠲᠠᠪᠤᠨ ᠪᠠᠳᠤᠯᠠᠭᠠᠳᠤ ᠡᠷᠦᠬᠡ 14᠂ 14 ᠭᠦᠮᠦᠨ ᠠᠮᠠ᠂ ᠵᠡᠮᠳᠡᠭ ᠭᠦᠮᠦᠨ ᠲᠠᠢ ᠡᠷᠦᠬᠡ 74᠂ 78 ᠭᠦᠮᠦᠨ ᠠᠮᠠ ᠪᠤᠢ᠃ ᠲᠠᠷᠢᠶᠠᠴᠢᠳ ᠤᠨ ᠤᠷᠤᠯᠭ᠎ᠠ ᠶᠢᠨ ᠭᠤᠤᠯ ᠢᠷᠡᠯᠳᠡ ᠨᠢ ᠲᠦᠭᠦᠬᠡᠷᠤᠮᠵᠢᠳᠤ ᠲᠠᠷᠢᠶᠠᠯᠠᠩ᠂ ᠲᠠᠷᠢᠮᠠᠯ ᠤᠨ ᠦᠢᠯᠡᠰ᠂ ᠲᠡᠵᠢᠬᠡᠪᠦᠷᠢ ᠶᠢᠨ ᠦᠢᠯᠡᠰ᠂ ᠬᠤᠪᠢ ᠶᠢᠨ  ᠡᠵᠡᠩᠨᠡᠯᠳᠡ᠂ ᠭᠦᠯᠦᠰᠦᠨ ᠠᠵᠢᠯ᠂ ᠭᠠᠵᠠᠷ ᠰᠢᠷᠤᠢ ᠪᠠᠨ ᠰᠢᠯᠵᠢᠭᠦᠯᠭᠦ ᠵᠡᠷᠬᠡ ᠪᠠᠶᠢᠵᠤ᠂ 2019 ᠤᠨ ᠳᠤ ᠲᠤᠤᠷ᠎ᠠ  ᠲᠠᠪᠤᠨᠬᠡᠷ ᠭᠠᠴᠠᠭᠠᠨ ᠤ ᠲᠠᠷᠢᠶᠠᠴᠢᠳ ᠤᠨ ᠭᠦᠮᠦᠨ ᠲᠤᠮᠳᠠᠴᠢ ᠶᠢᠨ ᠤᠷᠤᠯᠭ᠎ᠠ 11030 ᠲᠦᠭᠦᠷᠢᠭ ᠭᠦᠷᠦᠭᠰᠡᠨ  ᠪᠠᠶᠢᠨ᠎ᠠ᠃    2019 ᠤᠨ ᠤ 4 ᠰᠠᠷ ᠎ᠠ ᠶᠢᠨ ᠪᠠᠶᠢᠴᠠᠭᠠᠯᠳᠠ ᠳᠤ᠂ ᠲᠤᠰ ᠭᠠᠴᠠᠭᠠᠨ ᠳᠤ ᠶᠠᠳᠠᠭᠤ ᠭᠦᠴᠢᠷᠳᠡᠢ ᠡᠷᠦᠬᠡ  41᠂ 99 ᠭᠦᠮᠦᠨ ᠠᠮᠠ ᠪᠠᠶᠢᠵᠤ᠂ ᠡᠭᠦᠨ ᠳᠤ ᠲᠤᠤᠷ᠎ᠠ ᠪᠠᠳᠤᠯᠠᠭᠠᠳᠤ 20 ᠡᠷᠦᠬᠡ ᠶᠢᠨ 27 ᠭᠦᠮᠦᠨ ᠠᠮᠠ᠂  ᠲᠠᠪᠤᠨ ᠪᠠᠳᠤᠯᠠᠭᠠᠳᠤ 3 ᠡᠷᠦᠬᠡ ᠶᠢᠨ 3 ᠭᠦᠮᠦᠨ ᠠᠮᠠ ᠪᠤᠢ᠃ 2019 ᠤᠨ ᠤ 12 ᠰᠠᠷ᠎ᠠ ᠪᠣᠯᠲᠠᠯ᠎ᠠ  ᠪᠦᠭᠦᠨ ᠢᠶᠠᠷ ᠢᠶᠠᠨ ᠶᠠᠳᠠᠭᠤ ᠠᠴᠠ ᠠᠩᠬᠢᠵᠢᠷᠠᠵᠤ᠂ ᠡᠭᠦᠨ ᠳᠤ 3 ᠡᠷᠦᠬᠡ ᠶᠢᠨ 12 ᠭᠦᠮᠦᠨ ᠠᠮᠠ ᠨᠢ  ᠲᠤᠬᠳᠠᠭᠤᠨ ᠢᠶᠠᠷ ᠶᠠᠳᠠᠭᠤ ᠠᠴᠠ ᠠᠩᠬᠢᠵᠢᠷᠠᠵᠤ᠂ 38 ᠡᠷᠦᠬᠡ ᠶᠢᠨ 87 ᠭᠦᠮᠦᠨ ᠠᠮᠠ ᠨᠢ ᠬᠡᠪ ᠤᠨ ᠶᠤᠰᠤ ᠪᠠᠷ  ᠶᠠᠳᠠᠭᠤ ᠠᠴᠠ ᠠᠩᠬᠢᠵᠢᠷᠠᠬᠰᠠᠨ ᠪᠠᠶᠢᠨ᠎ᠠ᠃    ᠲᠦᠪᠡᠳ ᠬᠠᠰᠢ ᠶᠢᠨ ᠲᠠᠷᠢᠮᠠᠯ ᠨᠢ ᠳᠤᠤᠷ᠎ᠠ ᠲᠠᠪᠤᠨᠬᠡᠷ ᠭᠠᠴᠠᠭᠠᠨ ᠤ ᠶᠠᠳᠠᠭᠤ ᠶᠢ ᠲᠡᠳᠬᠦᠬᠦ ᠠᠵᠤ ᠦᠢᠯᠡᠰ ᠪᠤᠯᠪᠠ᠃ ᠬᠦᠯᠡᠮᠵᠢ ᠶᠢᠨ ᠲᠦᠪᠡᠳ ᠬᠠᠰᠢ ᠶᠢ ᠳᠤᠯᠠᠭᠠᠨ ᠬᠦᠯᠡᠮᠵᠢ ᠪᠠ ᠰᠡᠷᠢᠬᠦᠨ ᠬᠦᠯᠡᠮᠵᠢ ᠬᠡᠵᠦ ᠬᠤᠶᠠᠷ  ᠬᠤᠪᠢᠶᠠᠵᠤ᠂ ᠲᠤᠯᠠᠭᠠᠨ ᠭᠦᠯᠠᠮᠵᠢ ᠨᠢ ᠵᠢᠯ ᠳᠤ ᠬᠤᠶᠠᠷ ᠤᠳᠠᠭ᠎ᠠ ᠬᠤᠷᠢᠶᠠᠵᠤ᠂ ᠰᠡᠷᠢᠭᠦᠨ ᠭᠦᠯᠡᠮᠵᠢ ᠨᠢ ᠨᠢᠬᠡ  ᠤᠳᠠᠭ᠎ᠠ ᠬᠤᠷᠢᠶᠠᠳᠠᠭ᠃ ᠶᠠᠳᠠᠭᠤ ᠬᠦᠴᠢᠷᠳᠠᠢ ᠡᠷᠦᠬᠡ ᠶᠢᠨ ᠬᠦᠳᠡᠯᠮᠤᠷᠢ ᠬᠦᠴᠦ ᠲᠠᠢ ᠳᠤᠨᠢ ᠬᠦᠯᠡᠮᠵᠢ ᠪᠠᠶᠢᠭᠤᠯᠤᠨ  ᠦᠭᠴᠦ ᠲᠦᠪᠡᠳ ᠬᠠᠰᠢ ᠲᠠᠷᠢᠭᠤᠯᠵᠤ᠂ ᠬᠦᠳᠡᠯᠮᠤᠷᠢ ᠬᠦᠴᠦ ᠦᠬᠡᠢ ᠳᠤᠨᠢ ᠲᠡᠬᠡᠷ᠎ᠠ ᠱᠠᠳᠤᠨ ᠤ ᠨᠦᠬᠦᠪᠦᠷᠢ ᠵᠤᠭᠤᠰ ᠢᠶᠠᠷ ᠬᠦᠯᠡᠮᠵᠢ ᠪᠠᠶᠢᠭᠤᠯᠤᠨ ᠦᠭᠬᠦᠬᠡᠳ᠂ ᠬᠦᠯᠡᠮᠵᠢ ᠶᠢ ᠨᠢ ᠪᠤᠰᠤᠳ ᠬᠦᠮᠦᠨ ᠳᠤ ᠲᠦᠷᠢᠶᠠᠰᠤᠯᠠᠨ  ᠦᠭᠴᠤ᠂ ᠲᠦᠷᠢᠶᠠᠰᠤᠨ ᠮᠦᠩᠬᠦ ᠤᠯᠭᠤᠪᠠ᠃ ᠬᠠᠪᠤᠷ ᠤᠨ ᠤᠯᠠᠷᠢᠯ ᠳᠤ ᠲᠦᠪᠡᠳ ᠬᠠᠰᠢ ᠶᠢᠨ ᠴᠢᠬᠢ ᠠᠪᠬᠤ  ᠪᠠᠯᠠᠨ ᠵᠤᠭᠤᠰ ᠦᠬᠡᠢ ᠶᠠᠳᠠᠭᠤ ᠬᠦᠴᠢᠷᠳᠠᠢ ᠡᠷᠦᠬᠡ ᠳᠤ ᠵᠤᠭᠤᠰ ᠵᠢᠬᠡᠯᠡᠭᠦᠯᠦᠨ ᠲᠦᠪᠡᠳ ᠬᠠᠰᠢ ᠲᠠᠷᠢᠬᠤ ᠳᠤᠬᠢᠷᠠᠮᠵᠢᠳᠠᠢ ᠬᠤᠭᠤᠴᠠᠭ᠎ᠠ ᠶᠢ ᠨᠢ ᠵᠠᠪᠳᠤᠭᠤᠯᠤᠨ ᠤᠷᠤᠯᠭ᠎ᠠ ᠶᠢ ᠨᠢ ᠪᠠᠳᠤᠯᠠᠵᠤ ᠦᠭᠴᠠᠢ᠃ 2000 ᠤᠨ ᠳᠤ᠂  ᠭᠠᠴᠠᠭᠠᠨ ᠤ ᠭᠠᠵᠠᠷ ᠤᠨ ᠪᠠᠶᠢᠴᠠ᠂ ᠠᠭᠤᠷ ᠠᠮᠢᠰᠬᠤᠯ ᠤᠨ ᠨᠦᠬᠦᠴᠡᠯ ᠪᠠ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠦᠴᠢᠷ ᠤᠨ ᠳᠤᠰᠬᠠᠢ ᠮᠡᠷᠬᠡᠵᠢᠯᠳᠡᠨ ᠤ ᠰᠠᠨᠠᠭᠤᠯᠭ᠎ᠠ ᠪᠠᠷ᠂ ᠭᠠᠴᠠᠭᠠᠨ ᠤ ︽ᠬᠤᠶᠠᠷ ᠵᠦᠪᠯᠡᠯ︾ ᠤᠨ ᠬᠢᠨ  ᠵᠦᠪᠳᠡᠯᠴᠡᠨ᠂ ᠢᠳᠡᠰᠢᠨ ᠨᠤᠭᠤᠭ᠎ᠠ ᠲᠠᠷᠢᠬᠤ ᠪᠠᠷ ᠳᠤᠭᠳᠠᠵᠠᠢ᠃   2005 ᠤᠨ ᠤ ᠦᠶ᠎ᠠ ᠪᠠᠷ᠂ ᠰᠢᠨ᠎ᠠ ᠡᠬᠦᠯᠳᠡᠷ ᠤᠨ ᠲᠦᠪᠡᠳ ᠬᠠᠰᠢ ᠲᠠᠷᠢᠵᠤ ᠡᠯᠪᠡᠭ ᠬᠤᠷᠢᠶᠠᠯᠳᠠ ᠤᠯᠪᠡ᠃ ᠬᠡᠪᠡᠴᠤ ᠪᠤᠷᠤᠯᠠᠭᠤᠯᠭ᠎ᠠ ᠶᠢᠨ ᠵᠠᠮ ᠨᠢ ᠬᠠᠮᠤᠭ ᠤᠨ ᠶᠡᠭᠡ ᠠᠰᠠᠭᠤᠳᠠᠯ ᠪᠤᠯᠵᠠᠢ᠂ ᠠᠷᠭ᠎ᠠ ᠦᠬᠡᠶᠢᠳᠡᠬᠦ ᠳᠡᠭᠡᠨ ᠭᠠᠴᠠᠭᠠᠨ ᠤ ᠬᠤᠶᠠᠷ ᠵᠦᠪᠯᠡᠯ ᠤᠨ ᠬᠢᠨ ᠵᠠᠬ᠎ᠠ ᠲᠡᠯᠬᠡᠬᠦᠷ ᠢᠶᠠᠷ ᠲᠤᠭᠤᠷᠢᠨ ᠪᠠᠶᠢᠴᠠᠭᠠᠯᠳᠠ ᠬᠢᠵᠤ ᠠᠷᠠᠯᠵᠢᠶᠠᠨ ᠤ  ᠲᠤᠬᠢᠶᠠᠯ ᠬᠠᠶᠢᠵᠤ᠂ ᠭᠠᠴᠠᠭᠠᠨ ᠤ ᠪᠠᠨ ᠲᠦᠪᠡᠳ ᠬᠠᠰᠢ ᠪᠠᠨ ᠰᠤᠷᠳᠠᠯᠴᠢᠯᠠᠨ ᠪᠤᠷᠤᠯᠠᠭᠤᠯᠵᠤ ᠪᠠᠶᠢᠵᠠᠢ᠃ 2007 ᠤᠨ ᠳᠤ ᠲᠡᠬᠡᠷ᠎ᠠ ᠬᠤᠷᠤᠭ᠎ᠠ ᠪᠠᠯᠭᠠᠰᠤᠨ ᠤ ᠵᠠᠰᠠᠭ ᠤᠨ ᠤᠷᠳᠤᠨ ᠠᠴᠠ ᠳᠤᠤᠷ᠎ᠠ ᠲᠠᠪᠤᠨᠬᠡᠷ ᠭᠠᠴᠠᠭᠠᠨ ᠳᠤ ᠲᠦᠪᠡᠳ ᠬᠠᠰᠢ ᠶᠢᠨ ᠠᠷᠠᠯᠵᠢᠶᠠᠨ ᠤ ᠵᠠᠬ᠎ᠠ ᠪᠠᠶᠢᠭᠤᠯᠤᠨ ᠦᠭᠴᠤ᠂ ᠲᠦᠪᠡᠳ ᠬᠠᠰᠢ ᠶᠢᠨ ᠪᠤᠷᠤᠯᠠᠭᠤᠯᠤᠯᠳᠠ ᠶᠢ ᠪᠠᠳᠤᠯᠠᠵᠤ᠂ ᠱᠠᠩᠬᠠᠢ᠂ ᠪᠡᠬᠡᠵᠢᠩ᠂ ᠲᠢᠶᠠᠨᠵᠢᠨ᠂  ᠭᠤᠸᠠᠩᠵᠸᠤ᠂ ᠱᠧᠨᠵᠧᠨ ᠢᠶᠠᠷ ︽ᠲᠡᠬᠡᠷ᠎ᠠ ᠬᠤᠷᠤᠭ᠎ᠠ ᠶᠢᠨ ᠲᠦᠪᠡᠳ ᠬᠠᠰᠢ︾ ᠬᠡᠬᠦ ᠲᠡᠮᠳᠡᠭ ᠢᠶᠠᠷ  ᠪᠤᠷᠤᠯᠠᠭᠤᠯᠤᠭᠳᠠᠵᠤ ᠡᠬᠢᠯᠡᠪᠡ᠃ ᠶᠠᠳᠠᠭᠤ ᠠᠴᠠ ᠠᠩᠬᠢᠵᠢᠷᠠᠭᠤᠯᠤᠨ ᠪᠤᠭᠤᠮᠳᠠ ᠰᠢᠪᠳᠤᠯᠬᠤ ᠲᠤᠯᠤᠯᠳᠤᠭᠠᠨ ᠤ ᠭᠤᠷᠪᠠᠨ ᠵᠢᠯ ᠤᠨ ᠠᠵᠢᠯᠯᠠᠭᠠᠨ ᠲᠤᠮᠳᠠ᠂ ᠶᠠᠳᠠᠭᠤ ᠭᠦᠴᠢᠷᠳᠡᠢ 41 ᠡᠷᠦᠬᠡ ᠶᠢᠨ 32 ᠡᠷᠦᠬᠡ ᠳᠤ ᠠᠵᠤ ᠦᠢᠯᠡᠰ ᠤᠨ ᠲᠦᠷᠦᠯ ᠵᠦᠢᠯ ᠢ ᠨᠠᠶᠢᠳᠠᠪᠤᠷᠢᠵᠢᠭᠤᠯᠵᠤ᠂ ᠡᠭᠦᠨ ᠤ ᠲᠤᠳᠤᠷ᠎ᠠ ︽ᠭᠤᠷᠪᠠ ᠶᠢ ᠲᠤᠰᠬᠤᠨ ᠡᠷᠦᠬᠡ ᠳᠤ  ᠭᠦᠷᠬᠡᠭᠦ︾ ᠪᠡᠯᠡ ᠮᠦᠩᠭᠦ ᠶᠢ ᠠᠰᠢᠬᠯᠠᠨ 18 ᠡᠷᠦᠬᠡ ᠳᠤ ᠲᠤᠯᠠᠭᠠᠨ ᠭᠦᠯᠠᠮᠵᠢ 10 ᠶᠢ ᠪᠠᠶᠢᠭᠤᠯᠤᠨ ᠦᠭᠴᠦ᠂  ᠪᠠᠶᠢᠭᠤᠯᠤᠬᠰᠠᠨ ᠲᠠᠯᠠᠪᠠᠢ ᠨᠢ ᠨᠠᠶᠢᠳᠠ 1411 ᠤᠷᠳᠤᠳᠬᠠᠬᠰᠠᠨ ᠮᠧᠲᠷ ᠭᠦᠷᠴᠤ᠂ 19 ᠮᠦ ᠭᠠᠵᠠᠷ ᠡᠵᠡᠯᠡᠵᠤ᠂  ᠰᠡᠷᠢᠭᠦᠨ ᠭᠦᠯᠠᠮᠵᠢ 17 ᠶᠢ ᠪᠠᠶᠢᠭᠤᠯᠤᠨ ᠦᠭᠴᠦ᠂ ᠪᠠᠶᠢᠭᠤᠯᠤᠬᠰᠠᠨ ᠲᠠᠯᠠᠪᠠᠢ ᠨᠢ ᠨᠠᠶᠢᠳᠠ 2.2 ᠲᠦᠮᠡᠨ ᠲᠡᠭᠰᠢ ᠲᠦᠷᠪᠡᠯᠵᠢᠨ ᠮᠧᠲᠷ ᠭᠦᠷᠴᠤ᠂ 34 ᠮᠦ ᠭᠠᠵᠠᠷ ᠡᠵᠡᠯᠡᠵᠤ᠂ ᠡᠷᠦᠬᠡ ᠪᠦᠷᠢ ᠶᠢᠨ ᠤᠷᠤᠯᠭ᠎ᠠ ᠶᠢ 3 ᠲᠦᠮᠡᠨ  ᠲᠦᠭᠦᠷᠢᠭ ᠠᠴᠠ ᠲᠡᠬᠡᠭᠰᠢ ᠨᠡᠮᠡᠭᠳᠡᠭᠦᠯᠵᠤ ᠴᠢᠳᠠᠬᠰᠠᠨ ᠪᠠᠶᠢᠨ᠎ᠠ᠃ ᠶᠠᠳᠠᠭᠤ ᠭᠦᠴᠢᠷᠳᠡᠢ ᠡᠷᠦᠬᠡ ᠨᠢ ᠱᠦ ᡁᠢ  ᠤᠤᠯ ᠤᠨ ᠪᠠᠶᠢᠬᠰᠠᠨ 1213 ᠲᠡᠭᠰᠢ ᠲᠦᠷᠪᠡᠯᠵᠢᠨ ᠮᠧᠲᠷ ᠰᠡᠷᠢᠭᠦᠨ ᠭᠦᠯᠡᠮᠵᠢ ᠶᠢᠨ ᠰᠠᠭᠤᠷᠢ ᠲᠡᠬᠡᠷ ᠎ᠠ᠂ 2019 ᠤᠨ ᠳᠤ ᠲᠤᠤᠷ᠎ᠠ ᠭᠦᠦ ᠲᠠᠢ ᠢᠳᠡᠬᠡᠮᠵᠢᠳᠦ ᠵᠢᠬᠡᠯᠡᠯᠬᠡ ᠶᠢᠨ ᠲᠦᠷᠦ ᠶᠢᠨ ᠪᠤᠳᠤᠯᠭ᠎ᠠ ᠶᠢᠨ ᠲᠡᠮᠵᠢᠯᠬᠡ ᠶᠢ ᠠᠰᠢᠬᠯᠠᠨ ᠰᠡᠷᠢᠭᠦᠨ ᠭᠦᠯᠡᠮᠵᠢ ᠪᠠᠨ ᠬᠤᠶᠠᠷ ᠪᠤᠯᠭᠠᠨ ᠦᠷᠬᠡᠳᠬᠡᠵᠤ᠂ ᠲᠠᠯᠠᠪᠠᠢ ᠨᠢ ᠨᠠᠶᠢᠳᠠ 3600 ᠲᠡᠭᠰᠢ ᠲᠦᠷᠪᠡᠯᠵᠢᠨ ᠮᠧᠲᠷ ᠭᠦᠷᠴᠤ᠂ ᠲᠦᠪᠡᠳ ᠬᠠᠰᠢ ᠲᠠᠷᠢᠭᠠᠳ ᠵᠢᠯ ᠤᠨ ᠤᠷᠤᠯᠭ᠎ᠠ ᠨᠢ 13 ᠲᠦᠮᠡᠨ ᠲᠦᠭᠦᠷᠢᠭ ᠭᠦᠷᠦᠭᠰᠡᠨ ᠪᠠᠶᠢᠨ᠎ᠠ᠃ ᠠᠵᠤ ᠦᠢᠯᠡᠰ ᠤᠨ ᠲᠦᠷᠦᠯ ᠵᠦᠢᠯ ᠢ ᠨᠠᠶᠢᠳᠠᠪᠤᠷᠢᠵᠢᠭᠤᠯᠵᠤ ᠴᠢᠳᠠᠬᠰᠠᠨ ᠦᠬᠡᠢ 9 ᠶᠠᠳᠠᠭᠤ ᠭᠦᠴᠢᠷᠳᠡᠢ ᠡᠷᠦᠬᠡ ᠶᠢ ᠲᠤᠭᠳᠠᠭᠠᠯ ᠶᠤᠰᠤᠭᠠᠷ ᠲᠤᠤᠷ᠎ᠠ ᠪᠠᠳᠤᠯᠠᠭᠠᠳᠤ ᠡᠷᠦᠬᠡ ᠳᠤ ᠤᠷᠤᠭᠤᠯᠵᠤ᠂ ᠭᠠᠴᠠᠭᠠᠨ ᠤ ᠪᠠᠨ ᠲᠦᠭᠦᠬᠡᠷᠤᠮᠵᠢᠳᠦ ᠲᠠᠷᠢᠶᠠᠯᠠᠩ ᠤᠨ ᠰᠠᠭᠤᠷᠢ ᠶᠢ ᠠᠰᠢᠬᠯᠠᠨ᠂ ︽ᠡᠳ᠋ ᠭᠦᠷᠦᠩᠬᠡ ᠠᠴᠠ ᠠᠰᠢᠬ ᠤᠯᠬᠤ︾ ᠠᠷᠭ᠎ᠠ ᠪᠤᠳᠤᠯᠭ᠎ᠠ ᠶᠢ ᠬᠡᠷᠡᠭᠵᠢᠭᠦᠯᠵᠤ᠂ 3 ᠰᠠᠤᠷᠢ 370 ᠤᠷᠳᠤᠳᠬᠠᠬᠰᠠᠨ ᠲᠠᠯᠠᠪᠠᠢ ᠪᠦᠭᠦᠢ ᠲᠤᠯᠠᠭᠠᠨ  ᠭᠦᠯᠠᠮᠵᠢ ᠬᠤᠳᠠᠯᠳᠤᠨ ᠠᠪᠴᠤ᠂ ᠵᠢᠯ ᠤᠨ ᠠᠰᠢᠬ ᠬᠤᠪᠢᠶᠠᠬᠰᠠᠨ ᠵᠤᠭᠤᠰ ᠨᠢ 37000 ᠲᠦᠭᠦᠷᠢᠭ ᠭᠦᠷᠴᠤ᠂ ᠡᠳ᠋ ᠭᠦᠷᠦᠩᠬᠡ ᠠᠴᠠ ᠠᠰᠢᠬ ᠤᠯᠬᠤ ᠨᠤᠷᠮ᠎ᠠ ᠨᠢ 10% ᠭᠦᠷᠴᠤ᠂ ᠬᠡᠰᠡᠭ ᠶᠠᠳᠠᠭᠤ ᠭᠦᠴᠢᠷᠳᠡᠢ ᠡᠷᠦᠬᠡ ᠶᠢᠨ  ᠠᠰᠢᠬ ᠬᠤᠪᠢᠶᠠᠬᠰᠠᠨ ᠵᠤᠭᠤᠰ ᠨᠢ 450 ᠠᠴᠠ 1800 ᠲᠦᠭᠦᠷᠢᠭ ᠪᠠᠶᠢᠪᠠ᠃    ︽ᠲᠦᠪᠡᠳ ᠬᠠᠰᠢ ᠶᠢᠨ ᠠᠵᠤ ᠦᠢᠯᠡᠰ ᠨᠢ ᠶᠠᠳᠠᠭᠤ ᠭᠦᠴᠢᠷᠳᠡᠢ ᠡᠷᠦᠬᠡ ᠶᠢᠨ ᠤᠷᠤᠯᠭ᠎ᠠ ᠶᠢ ᠨᠡᠮᠡᠭᠳᠡᠭᠦᠯᠭᠦ ᠳᠤ ᠲᠦᠭᠦᠮ ᠮᠦᠷᠳᠡᠬᠡᠨ ᠲᠦᠷᠬᠡᠨ᠂ ᠦᠷ᠎ᠠ ᠪᠦᠳᠦᠮᠵᠢ ᠨᠢ ᠮᠡᠳᠡᠭᠳᠡᠮ᠎ᠡ ᠰᠠᠶᠢᠨ ᠪᠤᠯᠬᠤᠷ ᠶᠠᠳᠠᠭᠤ ᠭᠦᠴᠢᠷᠳᠡᠢ ᠡᠷᠦᠬᠡ ᠶᠢ ᠲᠠᠶᠢᠴᠢᠯᠠᠨ ᠲᠠᠭᠠᠭᠤᠯᠵᠤ ᠦᠢᠯᠡᠳᠪᠤᠷᠢᠯᠡᠨ ᠡᠵᠡᠩᠨᠡᠭᠦ ᠳᠤ ᠲᠤᠩ ᠠᠮᠠᠷᠬᠠᠨ ᠪᠤᠯᠪᠠ᠃ 2020 ᠤᠨ ᠤ  4 ᠰᠠᠷ ᠎ᠠ ᠪᠤᠯᠳᠠᠯ ᠎ᠠ ᠲᠤᠯᠠᠭᠠᠨ ᠰᠡᠷᠢᠭᠦᠨ ᠭᠦᠯᠠᠮᠵᠢ ᠶᠢᠨ ᠪᠦᠳᠦᠬᠡᠨ ᠪᠠᠶᠢᠭᠤᠯᠤᠯᠳᠠ ᠶᠢᠨ ᠬᠡᠮᠵᠢᠶ᠎ᠡ ᠤᠤᠯ ᠤᠨ  ᠰᠠᠭᠤᠷᠢ ᠲᠡᠬᠡᠷ ᠎ᠠ ᠪᠠᠨ ᠨᠢᠬᠡ ᠲᠠᠬᠢᠨ ᠨᠡᠮᠡᠭᠳᠡᠵᠤ᠂ ᠵᠠᠷᠢᠮ ᠶᠠᠳᠠᠭᠤ ᠭᠦᠴᠢᠷᠳᠡᠢ ᠡᠷᠦᠬᠡ ᠶᠢᠨ ᠭᠦᠯᠠᠮᠵᠢ ᠶᠢᠨ ᠲᠤᠭ᠎ᠠ  3 ᠠᠴᠠ ᠲᠡᠬᠡᠭᠰᠢ ᠭᠦᠷᠪᠡ᠃ ᠭᠦᠮᠦᠨ ᠬᠡᠳᠡᠭ ᠴᠢᠨᠢ ᠠᠰᠢᠬ ᠤᠯᠪᠠᠯ ᠭᠦᠯ ᠨᠢ ᠭᠦᠩᠬᠡᠷᠡᠴᠢᠬᠡᠨ᠎ᠠ᠂ ᠤᠳᠤ ᠮᠠᠨ ᠤ  ᠭᠠᠴᠠᠭᠠᠨ ᠳᠤ ᠶᠠᠳᠠᠭᠤ ᠡᠷᠦᠬᠡ ᠬᠡᠵᠤ ᠪᠠᠶᠢᠬᠤ ᠦᠬᠡᠢ ᠪᠤᠯᠤᠬᠰᠠᠨ︾ ᠬᠡᠵᠤ ᠭᠠᠴᠠᠭᠠᠨ ᠤ ᠨᠠᠮ ᠤᠨ ᠡᠬᠦᠷ ᠤᠨ  ᠱᠦᠵᠢ ᠦᠯᠵᠠᠢ ᠵᠤᠷᠢᠬ ᠪᠠᠷᠳᠡᠮ ᠬᠡᠯᠡᠨ᠎ᠠ᠃    ᠲᠤᠰ ᠭᠠᠴᠠᠭᠠᠨ ᠤ ᠶᠠᠳᠠᠭᠤ ᠭᠦᠴᠢᠷᠳᠡᠢ ᠡᠷᠦᠬᠡ ᠳᠤ ᠮᠤᠩᠭᠤᠯ ᠦᠨᠳᠦᠰᠦᠳᠡᠨ 25 ᠡᠷᠦᠬᠡ ᠶᠢᠨ 49  ᠭᠦᠮᠦᠨ ᠪᠠᠶᠢᠳᠠᠬ᠃ ᠶᠠᠳᠠᠭᠤ ᠭᠦᠴᠢᠷᠳᠡᠢ ᠡᠷᠦᠬᠡ ᠬᠤᠸᠠᠩ ᠬᠠᠢ ᠹᠧᠩ᠂ ᠵᠤᠤ ᠴᠢᠩ ᠬᠠᠢ᠂ ᠸᠠᠩ ᠶᠦᠩ ᠵᠢᠶᠦ᠋ᠨ ᠨᠠᠷ 2016 ᠤᠨ ᠳᠤ ᠶᠠᠳᠠᠭᠤ ᠭᠦᠴᠢᠷᠳᠡᠢ ᠡᠷᠦᠬᠡ ᠳᠤ ᠤᠷᠤᠪᠠ᠃ ᠡᠭᠦᠨ ᠠᠴᠠ ᠡᠮᠤᠨ᠎ᠠ ᠲᠠᠳᠠ ᠪᠦᠷ ᠭᠠᠳᠠᠬᠰᠢ  ᠭᠠᠷᠴᠤ ᠭᠦᠴᠦᠨ ᠤ ᠠᠵᠢᠯ ᠬᠢᠭᠦ᠂ ᠨᠤᠳᠤᠬ ᠲᠠᠭᠠᠨ ᠪᠠᠭ᠎ᠠ ᠰᠠᠭ᠎ᠠ ᠪᠠᠷᠢᠯᠭ᠎ᠠ ᠶᠢᠨ ᠠᠵᠢᠯ ᠭᠢᠬᠦ ᠪᠤᠶᠤ ᠴᠠᠬ ᠢᠶᠠᠷ  ᠭᠦᠯᠦᠰᠦᠨ ᠠᠵᠢᠯ ᠬᠢᠵᠤ ᠠᠮᠢᠳᠤᠷᠠᠯ ᠢᠶᠠᠨ ᠠᠷᠭᠠᠴᠠᠭᠠᠵᠤ ᠪᠠᠶᠢᠪᠠ᠃ 2016 ᠤᠨ ᠠᠴᠠ ᠡᠬᠢᠯᠡᠨ ᠶᠠᠳᠠᠭᠤ ᠶᠢ ᠲᠠᠳᠭᠦᠭᠦ ᠭᠦᠦ ᠮᠦᠩᠭᠦ ᠦᠬᠡᠢ ᠵᠢᠬᠡᠯᠡᠯᠬᠡ ᠶᠢᠨ ᠮᠦᠩᠭᠦ᠂ ᠢᠳᠡᠬᠡᠮᠵᠢᠳᠤ ᠵᠢᠬᠡᠯᠡᠯᠬᠡ ᠪᠤᠶᠤ ᠲᠦᠷᠦᠯ ᠰᠡᠳᠤᠨ ᠠᠴᠠ ᠪᠠᠨ ᠵᠤᠭᠤᠰ ᠵᠢᠬᠡᠯᠡᠨ ᠪᠡᠯᠡ ᠴᠤᠬᠯᠠᠭᠤᠯᠵᠤ᠂ ᠶᠠᠳᠠᠭᠤ ᠶᠢ ᠲᠡᠳᠭᠦᠭᠦ ᠲᠦᠷᠦᠯ ᠵᠦᠢᠯ ᠢ ᠠᠰᠢᠬᠯᠠᠨ  ᠭᠦᠯᠠᠮᠵᠢ ᠪᠠᠶᠢᠭᠤᠯᠵᠤ ᠲᠦᠪᠡᠳ ᠬᠠᠰᠢ ᠲᠠᠷᠢᠬᠰᠠᠨ ᠪᠠᠶᠢᠨ᠎ᠠ᠃ ᠡᠶᠢᠨᠬᠦ ᠤᠬᠤᠷᠬᠠᠨ ᠭᠤᠷᠪᠠᠨ ᠵᠢᠯ ᠤᠨ ᠬᠤᠭᠤᠴᠠᠭᠠᠨ ᠳᠤ ᠲᠡᠳᠡ ᠴᠦᠮ ᠦᠷᠢ ᠰᠢᠷᠢ ᠪᠠᠨ ᠲᠦᠯᠦᠵᠦ ᠪᠠᠷᠠᠨ᠂ ᠡᠨᠡ ᠵᠢᠯ ᠤᠨ ᠲᠦᠪᠡᠳ ᠬᠠᠰᠢ ᠶᠢᠨ  ᠤᠷᠤᠯᠭ᠎ᠠ ᠨᠢ ᠲᠡᠳᠡᠨ ᠤ ᠬᠠᠷᠠᠮᠠᠨ ᠳᠤ ᠦᠯᠡᠳᠡᠭᠦ ︽ᠴᠡᠪᠡᠷ ᠤᠷᠤᠯᠭ᠎ᠠ︾ ᠪᠤᠯᠤᠬᠰᠠᠨ ᠪᠠᠶᠢᠨ᠎ᠠ᠃     ᠢᠷᠡᠯᠲᠡ᠄   ᠤᠯᠠᠭᠠᠨᠬᠠᠲᠠ ᠰᠥᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号