| ᠨᠢᠭᠡ᠂ ᠢᠯᠡ ᠨᠡᠶᠢᠲᠡᠯᠡᠬᠦ ᠵᠦᠢᠯᠡᠰ ᠵᠢᠴᠢ ᠲᠣᠪᠴᠢ ᠠᠭᠤᠯᠭ᠎ᠠ | ︵ᠨᠢᠭᠡ︶ ᠢᠯᠡ ᠨᠡᠶᠢᠲᠡᠯᠡᠬᠦ ᠵᠦᠢᠯᠡᠰ᠄ ᠶᠡᠭᠡ ᠵᠦᠩ ᠰᠢᠶᠠᠩ ᠢ ᠦᠭᠡᠶᠢᠰᠬᠡᠵᠦ ᠶᠡᠭᠡ ᠵᠦᠩ ᠪᠠᠯᠭᠠᠰᠤ | ᠪᠣᠯᠭᠠᠬᠤ ᠰᠤᠩᠬᠢᠨ᠎ᠡ ᠰᠢᠶᠠᠩ ᠢ ᠦᠭᠡᠶᠢᠰᠬᠡᠵᠦ ᠰᠤᠩᠬᠢᠨ᠎ᠡ ᠪᠠᠯᠭᠠᠰᠤ ᠪᠣᠯᠭᠠᠬᠤ ᠵᠤᠶᠢᠯᠡᠰ ᠤᠨ ᠲᠥᠰᠦᠯ ᠢ ᠢᠯᠡ | ᠨᠡᠶᠢᠲᠡᠯᠡᠬᠦ ᠪᠠᠷ ᠪᠣᠶ᠃ | ︵ᠬᠤᠶᠠᠷ︶ ᠵᠠᠷᠯᠠᠨ ᠨᠡᠶᠢᠲᠡᠯᠡᠬᠦ ᠲᠣᠪᠴᠢ ᠠᠭᠤᠯᠭ᠎ᠠ᠄ ᠤᠢᠢᠷ᠎ᠠ ᠶᠢᠨ ᠵᠢᠯ ᠤᠳ ᠲᠤ᠂ ᠮᠠᠨ ᠤ ᠰᠢᠶᠠᠨ ᠤ ᠤᠳᠤ | ᠪᠠᠶᠢᠭ᠎ᠠ ᠰᠢᠶᠠᠩ ᠤᠨ ᠬᠠᠮᠢᠶᠠᠷᠤᠯᠲᠠ ᠶᠢᠨ ᠪᠠᠶᠢᠭᠤᠯᠤᠯ ᠪᠠ ᠬᠡᠪ ᠵᠠᠭᠪᠤᠷ ᠨᠢ ᠨᠢᠭᠡᠨᠲᠡ ᠰᠢᠶᠠᠩ ᠪᠠᠯᠭᠠᠰᠤᠨ ᠤ ᠠᠵᠤ | ᠠᠬᠤᠶ ᠶᠢᠨ ᠬᠥᠭᠵᠢᠯᠲᠡ ᠪᠠ ᠠᠷᠠᠳ ᠤᠯᠠᠨ ᠤ ᠦᠢᠯᠡᠴᠢᠯᠡᠭᠡᠨ ᠤ ᠬᠡᠷᠡᠭᠴᠡᠭᠡ ᠳᠤ ᠵᠣᠬᠢᠴᠠᠬᠤ ᠦᠭᠡᠢ ᠪᠣᠯᠵᠠᠶ᠃ | ᠶᠡᠭᠡ ᠵᠦᠩ ᠰᠢᠶᠠᠩ ᠪᠤᠯᠤᠨ ᠰᠤᠩᠬᠢᠨ᠎ᠡ ᠰᠢᠶᠠᠩ ᠢ ᠦᠭᠡᠶᠢᠰᠬᠡᠵᠦ ᠪᠠᠯᠭᠠᠰᠦ ᠪᠠᠶᠢᠭᠤᠯᠬᠤ ᠣᠷᠣᠨ ᠤ | ᠬᠤᠪᠢᠶᠠᠷᠢᠯᠠᠯ ᠤᠨ ᠲᠣᠬᠢᠷᠠᠭᠤᠯᠤᠯᠲᠠ ᠪᠠᠷ ᠳᠠᠮᠵᠢᠭᠤᠯᠤᠨ᠂ ᠪᠠᠯᠭᠠᠰᠤᠨ ᠤ ᠶᠡᠷᠦᠩᠬᠡᠶᠢᠯᠡᠭᠰᠡᠨ ᠳᠠᠭᠠᠭᠠᠬᠤ ᠴᠢᠳᠠᠪᠤᠷᠢ | ᠪᠠ ᠨᠥᠯᠥᠭᠡᠯᠡᠨ ᠳᠠᠶᠢᠴᠢᠯᠠᠬᠤ ᠴᠢᠳᠠᠪᠤᠷᠢ ᠶᠢ ᠳᠡᠭᠡᠭᠰᠢᠯᠡᠭᠦᠯᠵᠦ᠂ ᠰᠢᠶᠠᠩ ᠪᠠᠯᠭᠠᠰᠤ ᠶᠢ ᠬᠥᠭᠵᠢᠭᠦᠯᠦᠨ | ᠮᠠᠨᠳᠤᠭᠤᠯᠬᠤ ᠪᠠ ᠤᠶᠤᠨᠲᠤ ᠬᠤᠲᠠ ᠪᠠᠯᠭᠠᠰᠤ ᠶᠢᠨ ᠪᠥᠲᠥᠭᠡᠨ ᠪᠠᠶᠢᠭᠤᠯᠤᠯᠲᠠ ᠶᠢ ᠠᠬᠢᠭᠤᠯᠬᠤ ᠳᠤ ᠪᠠᠲᠤᠯᠠᠭ᠎ᠠ | ᠬᠠᠩᠭᠠᠨ᠎ᠠ᠃ | ᠬᠤᠶᠠᠷ᠂ ᠲᠤᠭᠤᠷᠪᠢᠨ ᠲᠤᠬᠳᠠᠭᠠᠬᠰᠠᠨ ᠲᠣᠬᠢᠷᠠᠭᠤᠯᠤᠯᠲᠠ ᠬᠢᠬᠦ ᠲᠥᠰᠦᠯ | ᠶᠡᠭᠡ ᠵᠦᠩ ᠪᠠᠯᠭᠠᠰᠤ᠄ ᠤᠤᠯ ᠤᠨ ᠶᠡᠭᠡ ᠵᠦᠩ ᠰᠢᠶᠠᠩ ᠤᠨ ᠾᠧ ᠪᠧᠢ᠂ ᠶᠡᠭᠡ ᠵᠦᠩ᠂ ᠫᠢᠩ ᠶᠤᠸᠠᠨ᠂ ᠸᠠᠨ | ᠵᠢᠶᠠ ᠶᠢᠩᠽᠢ᠂ ᠰᠢᠪᠠᠷᠲᠠᠢ᠂ ᠬᠤᠶᠢᠲᠤ ᠮᠠ ᠵᠢᠶᠠ ᠽᠢ᠂ ᠲᠤᠤ ᠬᠠᠢ᠂ ᠭᠤᠤ ᠵᠠᠩ ᠽᠢ᠂ ᠳ᠋ᠠ ᠸᠥ᠋ ᠫᠦ᠋᠂ ᠮᠤᠤ ᠹᠦ᠋ | ᠭᠧᠦ᠂ ᠵᠦᠩ ᠽᠢ ᠫᠥᠸᠧ᠂ ᠴᠤᠤᠶᠠᠩ ᠳ᠋ᠢ᠂ ᠮᠧᠩ ᠵᠢᠶᠠ ᠸᠥ᠋ ᠫᠦ᠋᠂ ᠯᠢᠶᠠᠩ ᠵᠢᠶᠠ ᠶᠢᠩᠽᠢ᠂ ᠲᠠᠪᠤᠨ ᠭᠡᠷ᠂ | ᠱᠤᠤ ᠭᠦᠸᠧ ᠳ᠋ᠢᠶᠠᠨ᠂ ᠪᠠ ᠯᠢ ᠫᠦ᠋᠂ ᠪᠠᠭ᠎ᠠ ᠵᠦᠩ᠂ ᠱᠢ ᠵᠦ ᠽᠢ ᠸᠠ᠂ ᠮᠤᠤ ᠵᠢᠶᠠ ᠸᠥ᠋ ᠫᠦ᠋᠂ ᠯᠣᠣ ᠰᠢ ᠭᠧᠦ᠂ | ᠵᠢᠶ ᠵᠢᠶᠠ ᠳ᠋ᠢᠶᠠᠨ᠂ ᠵᠠᠨᠪᠠ ᠶᠢᠩᠽᠢ᠂ ᠬᠤᠤ ᠵᠢᠶᠠ ᠳ᠋ᠢᠶᠠᠨ᠂ ᠰᠦᠨ ᠫᠸᠡ ᠶᠢᠩᠽᠢ ᠵᠡᠷᠭᠡ 25 ᠲᠣᠰᠬᠤᠨ ᠤ | ᠪᠦᠬᠦᠯᠢ ᠴᠤᠬᠴᠠ ᠶᠢᠨ ᠪᠠᠶᠢᠭᠤᠯᠤᠮᠵᠢ ᠶᠢᠨ ᠳᠥᠷᠢᠮ ᠢ ᠦᠭᠡᠷᠡᠴᠢᠯᠡᠭᠡᠳ ᠶᠡᠭᠡ ᠵᠦᠩ ᠪᠠᠯᠭᠠᠰᠤ ᠪᠣᠯᠭᠠᠨ᠎ᠠ᠃ | ᠬᠠᠷᠢᠶᠠᠲᠤ ᠣᠷᠣᠨ ᠤ ᠲᠠᠯᠠᠪᠠᠶ ᠨᠢ 227.34 ᠲᠡᠭᠰᠢ ᠳᠥᠷᠪᠡᠯᠵᠢᠨ ᠺᠢᠯᠣᠮᠧᠲᠷ᠂ ᠪᠠᠶᠢᠭᠤᠯᠤᠭᠰᠠᠨ ᠣᠷᠣᠨ ᠤ | ᠲᠠᠯᠠᠪᠠᠶ ᠨᠢ 2.1 ᠲᠡᠭᠰᠢ ᠳᠥᠷᠪᠡᠯᠵᠢᠨ ᠺᠢᠯᠣᠮᠧᠲᠷ ᠪᠣᠯᠤᠨ᠎ᠠ᠃ ᠪᠠᠶᠢᠩᠭᠤ ᠰᠠᠭᠤᠭ᠎ᠠ ᠬᠥᠮᠦᠨ ᠠᠮᠠ 23281 | ᠬᠥᠮᠦᠨ ᠪᠤᠯᠤᠨ᠎ᠠ᠃ | | ᠰᠤᠩᠬᠢᠨ᠎ᠡ ᠪᠠᠯᠭᠠᠰᠤ᠄ ᠤᠤᠯ ᠤᠨ ᠰᠤᠩᠬᠢᠨ᠎ᠡ ᠰᠢᠶᠠᠩ ᠤᠨ ᠭᠡᠷᠡᠯᠲᠦ᠂ ᠨᠠᠨ ᠱᠠᠨ ᠭᠧᠨ᠂ ᠵᠣᠣ ᠵᠢᠶᠠ ᠳ᠋ᠢᠶᠠᠨ᠂ | ᠯᠢ ᠮᠠ ᠽᠢ ᠭᠸᠦ᠂ ᠯᠢ ᠵᠢᠶᠠ ᠸᠥ᠋ ᠫᠦ᠋᠂ ᠯᠠᠮᠠ ᠶᠢᠨ ᠭᠤᠤ᠂ ᠯᠦ ᠵᠢᠶᠠ ᠳ᠋ᠢᠶᠠᠨ᠂ ᠯᠢᠦ ᡁᠢ ᠭᠸᠦ᠂ ᠯᠣᠣ ᠵᠦ᠋ ᠽᠢ | ᠂ ᠼᠤᠤ ᠭᠸᠦ ᠮᠧᠨ᠂ ᠰᠢᠶᠤᠤ ᠯᠢᠶᠠᠩ ᠽᠢ᠂ ᠨᠠᠢᠮᠠᠨ ᠭᠡᠷ᠂ ᠲᠤᠤ ᠵᠢᠶᠠ ᠶᠢᠩᠽᠢ᠂ ᠴᠧᠩ ᠵᠢᠶᠠ ᠶᠢᠩᠽᠢ ᠵᠡᠷᠭᠡ | 14 ᠲᠣᠰᠬᠤᠨ ᠤ ᠪᠦᠬᠦᠯᠢ ᠴᠤᠬᠴᠠ ᠶᠢᠨ ᠪᠠᠶᠢᠭᠤᠯᠤᠮᠵᠢ ᠶᠢᠨ ᠳᠥᠷᠢᠮ ᠢ ᠦᠭᠡᠷᠡᠴᠢᠯᠡᠭᠡᠳ ᠰᠤᠩᠬᠢᠨ᠎ᠡ ᠪᠠᠯᠭᠠᠰᠤ | ᠪᠣᠯᠭᠠᠨ᠎ᠠ᠃ ᠶᠡᠷᠦᠩᠬᠡᠶ ᠲᠠᠯᠠᠪᠠᠶ ᠨᠢ 302.39 ᠲᠡᠭᠰᠢ ᠳᠥᠷᠪᠡᠯᠵᠢᠨ ᠺᠢᠯᠣᠮᠧᠲᠷ᠂ ᠪᠠᠶᠢᠭᠤᠯᠤᠭᠰᠠᠨ ᠣᠷᠣᠨ ᠤ | ᠲᠠᠯᠠᠪᠠᠶ ᠨᠢ 1.85 ᠲᠡᠭᠰᠢ ᠳᠥᠷᠪᠡᠯᠵᠢᠨ ᠺᠢᠯᠣᠮᠧᠲᠷ ᠪᠣᠯᠤᠨ᠎ᠠ᠃ ᠪᠠᠶᠢᠩᠭᠤ ᠰᠠᠭᠤᠭ᠎ᠠ ᠶᠡᠷᠦᠩᠬᠡᠶ ᠬᠥᠮᠦᠨ ᠠᠮᠠ | 13911 ᠬᠥᠮᠦᠨ ᠪᠤᠯᠤᠨ᠎ᠠ᠃ | ᠭᠤᠷᠪᠠ᠂ ᠲᠣᠬᠢᠷᠠᠭᠤᠯᠤᠯᠲᠠ ᠬᠢᠬᠦ ᠦᠨᠳᠦᠰᠦᠯᠡᠯ | ︽ᠵᠠᠰᠠᠭ ᠵᠠᠬᠢᠷᠭᠠᠨ ᠤ ᠣᠷᠣᠨ ᠤ ᠬᠤᠪᠢᠶᠠᠷᠢᠯᠠᠯ ᠤᠨ ᠬᠠᠮᠢᠶᠠᠷᠤᠯᠲᠠ ᠶᠢᠨ ᠲᠦᠷᠢᠮ︾ ︵ᠲᠥᠷᠥ ᠶᠢᠨ ᠵᠠᠷᠯᠢᠭ | 704 ᠳ᠋ᠤᠭᠡᠷ ᠲᠣᠭᠠᠲᠤ︶᠂ ︽ᠴᠢᠬᠤᠯᠠ ᠶᠡᠭᠡ ᠵᠠᠰᠠᠭ ᠵᠠᠬᠢᠷᠭᠠᠨ ᠤ ᠰᠢᠢᠳᠪᠤᠷᠢᠲᠦ ᠪᠣᠳᠣᠯᠭ᠎ᠠ ᠲᠣᠭᠲᠠᠭᠠᠬᠤ | ᠵᠢᠷᠤᠮ ᠤᠨ ᠲᠦᠷ ᠬᠡᠷᠡᠭᠵᠢᠭᠦᠯᠬᠦ ᠲᠦᠷᠢᠮ︾ ︵ᠲᠥᠷᠥ ᠶᠢᠨ ᠵᠠᠷᠯᠢᠭ 713 ᠳ᠋ᠤᠭᠠᠷ ᠲᠣᠭᠠᠲᠤ︶᠂ ︽ᠵᠠᠰᠠᠭ | ᠵᠠᠬᠢᠷᠭᠠᠨ ᠤ ᠣᠷᠣᠨ ᠤ ᠬᠤᠪᠢᠶᠠᠷᠢᠯᠠᠯ ᠤᠨ ᠬᠠᠮᠢᠶᠠᠷᠤᠯᠲᠠ ᠶᠢᠨ ᠲᠦᠷᠢᠮ ᠢ ᠬᠡᠷᠡᠭᠵᠢᠭᠦᠯᠬᠦ ᠠᠷᠭ᠎ᠠ︾ ︵ᠠᠷᠠᠳ ᠤᠨ | ᠶᠠᠪᠤᠳᠠᠯ ᠤᠨ ᠶᠠᠮᠤᠨ ᠤ ᠵᠠᠷᠯᠢᠭ 65 ᠳ᠋ᠤᠭᠠᠷ ᠲᠣᠭᠠᠲᠤ︶᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠴᠢᠬᠤᠯᠠ ᠶᠡᠭᠡ ᠵᠠᠰᠠᠭ ᠵᠠᠬᠢᠷᠭᠠᠨ ᠤ ᠰᠢᠢᠳᠪᠤᠷᠢᠲᠦ ᠪᠣᠳᠣᠯᠭ᠎ᠠ ᠲᠣᠭᠲᠠᠭᠠᠬᠤ ᠵᠢᠷᠤᠮ ᠤᠨ ᠲᠣᠭᠲᠠᠭᠠᠯ︾ | ︵ᠥᠪᠥᠷ ᠵᠠᠰᠠᠭ ᠵᠠᠬᠢᠷᠭᠠᠨ ᠤ ᠵᠠᠷᠯᠢᠭ 248 ᠳ᠋ᠤᠭᠠᠷ ᠲᠣᠭᠠᠲᠤ︶ ᠵᠡᠷᠭᠡ ᠬᠠᠤᠯᠢ ᠲᠣᠭᠲᠠᠭᠠᠯ ᠵᠢᠴᠢ ᠲᠥᠷᠥ ᠶᠢᠨ | ᠪᠣᠳᠣᠯᠭ᠎ᠠ ᠶᠢᠨ ᠪᠢᠴᠢᠭ ᠮᠠᠲ᠋ᠧᠷᠢᠶᠠᠯ ᠤᠨ ᠲᠣᠭᠲᠠᠭᠠᠯ ᠢ ᠦᠨᠳᠦᠰᠦᠯᠡᠨ᠂ ᠡᠳᠦᠭᠡ ᠲᠣᠬᠢᠷᠠᠭᠤᠯᠤᠯᠲᠠ ᠶᠢᠨ | ᠲᠥᠰᠦᠯ ᠢ ᠵᠠᠷᠯᠠᠨ ᠨᠡᠶᠢᠲᠡᠯᠡᠬᠦ ᠪᠠᠷ ᠪᠠᠶᠢᠨ᠎ᠠ᠂ ᠨᠡᠶᠢᠭᠡᠮ ᠤᠨ ᠡᠯ᠎ᠡ ᠡᠲᠡᠭᠡᠳ ᠤᠨ ᠬᠥᠮᠦᠰ ᠤᠨ ᠡᠷᠬᠢᠮ ᠨᠠᠨᠳᠢᠨ | ᠰᠠᠨᠠᠯ ᠪᠠ ᠰᠠᠨᠠᠭᠤᠯᠭ᠎ᠠ ᠳᠤᠷᠠᠳᠬᠤ ᠶᠢ ᠪᠠᠶᠠᠷᠯᠠᠨ ᠤᠭᠲᠤᠵᠤ ᠪᠠᠶᠢᠨ᠎ᠠ᠃ ᠬᠠᠷᠢᠭᠤ ᠲᠤᠰᠬᠠᠬᠤ ᠦᠶ᠎ᠡ ᠳᠤ ᠲᠠᠨ ᠤ | ᠨᠡᠷ᠎ᠡ ᠪᠣᠯᠤᠨ ᠬᠠᠷᠢᠯᠴᠠᠬᠤ ᠤᠲᠠᠰᠤ ᠪᠠᠨ ᠦᠯᠡᠳᠡᠭᠡᠵᠦ᠂ ᠪᠢᠳᠡᠨ ᠤ ᠬᠠᠷᠢᠯᠴᠠᠬᠤ ᠳᠤ ᠳᠥᠭᠦᠮ ᠪᠣᠯᠭᠠᠬᠤ ᠶᠢ | ᠬᠢᠴᠢᠶᠡᠩᠭᠦ᠋ᠢᠯᠡᠨ ᠬᠦᠰᠡᠵᠦ ᠪᠠᠶᠢᠨ᠎ᠠ᠃ | ᠢᠯᠡ ᠪᠠᠷ ᠰᠠᠨᠠᠯ ᠬᠤᠷᠢᠶᠠᠬᠤ ᠴᠠᠭ᠄ 2021 ᠣᠨ ᠤ 11 ᠰᠠᠷ᠎ᠠ ᠶᠢᠨ 8 ᠤ ᠡᠳᠦᠷ — 12 ᠰᠠᠷ᠎ᠠ ᠶᠢᠨ | 8 ᠤ ᠡᠳᠦᠷ | ᠬᠠᠷᠢᠯᠴᠠᠬᠤ ᠬᠥᠮᠦᠨ᠄ ᠹᠧᠩ ᠰᠢᠤᠸᠠᠢ ᠯᠸᠢ ᠤᠲᠠᠰᠤ᠄ 0476 — 4276790 | ᠰᠢᠦᠳᠠᠨ ᠬᠠᠶᠢᠷᠴᠠᠭ᠄ 625487847@qq.com | ᠬᠠᠷᠢᠯᠴᠠᠬᠤ ᠬᠥᠮᠦᠨ᠄ ᠮᠢ ᠰᠢᠤᠸᠠᠢ ᠳ᠋ᠠᠨ | ᠤᠲᠠᠰᠤ᠄ 0476 — 8822700 | ᠰᠢᠦᠳᠠᠨ ᠬᠠᠶᠢᠷᠴᠠᠭ᠄ 18804767602@163.com | ᠨᠢᠩᠴᠧᠩ ᠰᠢᠶᠠᠨ ᠤ ᠠᠷᠠᠳ ᠤᠨ ᠶᠠᠪᠤᠳᠠᠯ ᠤᠨ ᠲᠣᠪᠴᠢᠶ᠎ᠠ | 2021 ᠣᠨ ᠤ 11 ᠰᠠᠷ᠎ᠠ ᠶᠢᠨ 8 ᠤ ᠡᠳᠤᠷ |