ᠵᠡᠮᠳᠡᠭᠴᠤᠳ ᠤᠨ ᠬᠤᠶᠠᠷ ᠨᠦᠬᠦᠪᠤᠷᠢ ᠭᠡᠵᠤ ᠶᠠᠭᠤ ᠪᠤᠢ︖
ᠨᠡᠶᠢᠲᠡᠯᠡᠭᠰᠡᠨ ᠴᠠᠭ᠄
2021/11/30
      ᠵᠡᠮᠳᠡᠭᠴᠤᠳ ᠤᠨ ᠬᠤᠶᠠᠷ ᠨᠦᠬᠦᠪᠤᠷᠢ ᠶᠢᠨ ᠲᠦᠷᠢᠮ ᠪᠤᠯ ᠤᠯᠤᠰ ᠠᠴᠠ ᠪᠠᠶᠢᠭᠤᠯᠤᠬᠰᠠᠨ ᠠᠩᠬᠠᠨ ᠤ  ᠵᠡᠮᠳᠡᠭᠴᠤᠳ ᠤᠨ ᠲᠤᠰᠬᠠᠢ ᠲᠦᠷᠤᠯ ᠤᠨ ᠠᠰᠠᠷᠠᠮᠵᠢ ᠶᠢᠨ ᠨᠦᠬᠦᠪᠤᠷᠢ ᠶᠢᠨ ᠲᠦᠷᠢᠮ ᠪᠤᠯᠤᠨ᠎ᠠ᠂ ᠡᠨᠡ ᠨᠢ  ᠵᠡᠮᠳᠡᠭᠴᠤᠳ ᠤᠨ ᠦᠢᠯᠡᠰ ᠤᠨ ᠬᠦᠭᠵᠢᠯᠳᠡ ᠶᠢᠨ ᠶᠠᠪᠤᠴᠨ ᠳᠤ᠂ ᠮᠠᠨ ᠤ ᠤᠯᠤᠰ ᠤᠨ ᠨᠡᠶᠢᠬᠡᠮ ᠤᠨ ᠦᠢᠯᠡᠰ ᠤᠨ  ᠬᠦᠭᠵᠢᠯᠳᠡ ᠶᠢᠨ ᠲᠡᠤᠬᠡᠨ ᠳᠤ ᠴᠦ ᠬᠡᠰᠡᠨ ᠦᠬᠡᠢ ᠬᠡᠷᠡᠯᠳᠤ ᠬᠦᠰᠢᠶ᠎ᠡ ᠶᠢᠨ ᠠᠴᠢ ᠬᠤᠯᠪᠤᠬᠳᠠᠯ ᠪᠦᠬᠦᠢ ᠲᠦᠷᠢᠮ   ᠤᠨ ᠦᠬᠡᠷᠡᠴᠢᠯᠡᠯᠳᠡ ᠪᠤᠯᠬᠤ ᠶᠤᠮ᠃ ᠬᠤᠶᠠᠷ ᠨᠦᠬᠦᠪᠤᠷᠢ ᠶᠢᠨ ᠲᠦᠷᠢᠮ ᠨᠢ ᠵᠡᠮᠳᠡᠭᠴᠤᠳ ᠤᠨ ᠤᠨᠴᠠᠭᠠᠢ  ᠠᠮᠢᠳᠤᠷᠠᠯ ᠤᠨ ᠬᠦᠴᠢᠷᠳᠡᠯ ᠪᠠ ᠤᠷᠳᠤ ᠬᠤᠭᠤᠴᠠᠭ᠎ᠠ ᠪᠠᠷ ᠬᠠᠷᠠᠭᠠᠯᠵᠠᠬᠤ ᠳᠤ ᠲᠤᠬᠢᠶᠠᠯᠳᠤᠬᠤ ᠬᠦᠴᠢᠷᠳᠡᠯ ᠳᠤ  ᠴᠢᠭᠯᠡᠬᠦᠯᠦᠭᠰᠡᠨ ᠲᠤᠰᠬᠠᠢ ᠲᠦᠷᠢᠮ ᠤᠨ ᠲᠤᠬᠢᠷᠠᠭᠤᠯᠤᠯᠳᠠ ᠪᠤᠯᠬᠤ ᠪᠦᠬᠡᠳ ᠨᠠᠭᠠᠳᠤ ᠵᠠᠬ᠎ᠠ ᠶᠢᠨ ᠠᠮᠢᠳᠤᠷᠠᠯ ᠤᠨ  ᠪᠠᠳᠤᠯᠠᠭ᠎ᠠ ᠲᠠᠢ ᠪᠦᠳᠦᠮᠵᠢᠳᠡᠢ ᠪᠠᠷ ᠠᠮᠨ ᠰᠡᠬᠡᠷ ᠢ ᠨᠢ ᠵᠤᠯᠭᠠᠭᠤᠯᠵᠤ᠂ ᠵᠡᠮᠳᠡᠭᠴᠤᠳ ᠤᠨ ᠠᠰᠠᠷᠠᠮᠵᠢ ᠶᠢᠨ  ᠬᠤᠭᠤᠰᠤᠨ ᠢ ᠨᠦᠬᠦᠪᠤᠷᠢᠯᠡᠭᠰᠡᠨ ᠲᠡᠳᠤᠢ ᠦᠬᠡᠢ ᠬᠡᠷ ᠪᠦᠯᠢ ᠶᠢᠨ ᠬᠢᠨ ᠨᠢ ᠵᠡᠮᠳᠡᠭᠴᠤᠳ ᠢ ᠬᠠᠷᠠᠭᠠᠯᠵᠠᠬᠤ  ᠴᠢᠳᠠᠪᠬᠢ ᠶᠢ ᠪᠠᠳᠤᠳᠬᠠᠨ ᠲᠡᠭᠡᠭᠰᠢᠯᠡᠬᠦᠯᠵᠤ᠂ ᠬᠡᠷ ᠪᠦᠯᠢ ᠨᠡᠶᠢᠬᠡᠮ ᠤᠨ ᠡᠶ᠎ᠡ ᠵᠤᠬᠢᠴᠠᠯ᠂ ᠲᠤᠬᠳᠠᠭᠤᠨ ᠢ  ᠠᠬᠢᠭᠤᠯᠬᠤ ᠶᠢ ᠠᠰᠢᠬᠳᠠᠢ ᠪᠢᠯᠨ᠃  1᠂ ᠵᠡᠮᠳᠡᠭᠴᠤᠳ ᠤᠨ ︽ᠬᠤᠶᠠᠷ ᠨᠦᠬᠦᠪᠤᠷᠢ︾ ᠨᠢ ᠠᠯᠢ ᠬᠤᠶᠠᠷ ᠲᠦᠷᠢᠮ ᠢ ᠵᠢᠭᠠᠵᠤ ᠪᠠᠶᠢᠭ᠎ᠠ ᠪᠤᠢ︖ ᠬᠠᠷᠢᠭᠤᠯᠳᠠ᠄ ᠵᠡᠮᠳᠡᠭᠴᠤᠳ ᠤᠨ ︽ᠬᠤᠶᠠᠷ ᠨᠦᠬᠦᠪᠤᠷᠢ︾ ᠶᠢᠨ ᠲᠦᠷᠢᠮ ᠬᠡᠳᠡᠭ ᠨᠢ ᠵᠡᠮᠳᠡᠭᠴᠤᠳ ᠤᠨ  ᠠᠮᠢᠳᠤᠷᠠᠯ ᠤᠨ ᠨᠦᠬᠦᠪᠤᠷᠢ ᠪᠠ  ᠬᠦᠨᠳᠤ ᠨᠤᠴᠢᠳᠠᠢ ᠵᠡᠮᠳᠡᠭᠴᠤᠳ ᠤᠨ ᠰᠤᠪᠢᠯᠠᠯᠳᠠ ᠶᠢᠨ ᠨᠦᠬᠦᠪᠤᠷᠢ ᠶᠢᠨ ᠲᠦᠷᠢᠮ  ᠪᠤᠯᠤᠨ᠎ᠠ᠃  2᠂ ᠶᠠᠮᠠᠷ ᠶᠠᠮᠠᠷ ᠵᠡᠮᠳᠡᠭᠴᠤᠳ ︽ᠬᠤᠶᠠᠷ ᠨᠦᠬᠦᠪᠤᠷᠢ︾ ᠶᠢ ᠬᠦᠷᠳᠡᠵᠤ ᠪᠤᠯᠬᠤ ᠪᠤᠢ︖   ᠬᠠᠷᠢᠭᠤᠯᠳᠠ᠄ ᠤᠳᠤᠬᠠᠨ ᠤ ᠲᠤᠬᠳᠠᠭᠠᠯ ᠢ ᠦᠨᠳᠤᠰᠤᠯᠡᠪᠡᠯ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ   ᠶᠢ ᠬᠦᠷᠳᠡᠵᠤ ᠪᠠᠶᠢᠭ᠎ᠠ ᠬᠡᠷ ᠪᠦᠯᠢ ᠶᠢᠨ ᠵᠡᠮᠳᠡᠭᠴᠤᠳ ᠨᠢ ᠬᠦᠴᠢᠷᠳᠡᠯᠳᠡᠢ ᠵᠡᠮᠳᠡᠭᠴᠤᠳ ᠤᠨ ᠠᠮᠢᠳᠤᠷᠠᠯ ᠤᠨ  ᠨᠦᠬᠦᠪᠤᠷᠢ ᠶᠢ ᠤᠯᠵᠤ ᠪᠤᠯᠤᠨ᠎ᠠ᠃  ᠵᠡᠮᠳᠡᠭᠴᠤᠳ ᠤᠨ ᠲᠡᠰ ᠨᠢ ᠨᠢᠬᠡᠳᠤᠬᠡᠷ ᠲᠡᠰ᠂ ᠬᠤᠶᠠᠳᠤᠭᠠᠷ ᠲᠡᠰ ᠤᠨ ᠪᠦᠬᠡᠳ ᠤᠷᠳᠤ ᠬᠤᠭᠤᠴᠠᠭ᠎ᠠ ᠪᠠᠷ  ᠠᠰᠠᠷᠠᠵᠤ ᠬᠠᠷᠠᠭᠠᠯᠵᠠᠬᠰᠠᠨ ᠴᠠᠭ ᠨᠢ 6 ᠰᠠᠷ᠎ᠠ ᠠᠴᠠ ᠲᠡᠭᠡᠭᠰᠢᠬᠢ ᠬᠦᠨᠳᠤ ᠨᠤᠴᠢᠳᠠᠢ ᠵᠡᠮᠳᠡᠭᠴᠤᠳ ᠨᠢ ᠬᠦᠨᠳᠤ ᠨᠤᠴᠢᠳᠠᠢ ᠵᠡᠮᠳᠡᠭᠴᠤᠳ ᠤᠨ ᠰᠤᠪᠢᠯᠠᠯᠳᠠ ᠶᠢᠨ ᠨᠦᠬᠦᠪᠤᠷᠢ ᠶᠢ ᠬᠦᠷᠳᠡᠵᠤ ᠪᠤᠯᠤᠨ᠎ᠠ᠃  ᠨᠦᠬᠦᠴᠡᠯ ᠲᠠᠢ ᠮᠤᠵᠢ ᠬᠤᠳᠠ ᠨᠦᠬᠦᠪᠤᠷᠢ ᠶᠢᠨ ᠬᠦᠷᠢᠶ᠎ᠡ ᠬᠡᠪᠴᠢᠶ᠎ᠡ ᠶᠢ ᠦᠷᠬᠡᠳᠬᠡᠵᠤ ᠪᠤᠯᠤᠨ᠎ᠠ ᠭᠡᠵᠤ  ᠣᠯᠣᠰ ᠠᠴᠠ ᠰᠠᠨᠠᠭᠠᠴᠢᠯᠠᠬᠰᠠᠨ ᠠᠴᠠ ᠤᠳᠤᠬᠠᠨ ᠳᠤ ᠨᠢᠬᠡᠨᠳᠡ ᠬᠡᠰᠡᠭ ᠮᠤᠵᠢ ᠬᠤᠳᠠ ᠤᠷᠤᠯᠭ᠎ᠠ ᠨᠢ ᠵᠢᠭᠠᠬᠠᠨ  ᠵᠡᠮᠳᠡᠭᠴᠤᠳ ᠪᠠ ᠪᠤᠰᠤᠳ ᠬᠦᠴᠢᠷᠳᠡᠯᠳᠡᠢ ᠵᠡᠮᠳᠡᠭᠴᠤᠳ ᠢ ᠨᠦᠬᠦᠪᠤᠷᠢ ᠶᠢᠨ ᠬᠡᠪᠴᠢᠶᠡᠨ ᠳᠤ ᠤᠷᠤᠭᠤᠯᠤᠬᠰᠠᠨ  ᠪᠠᠶᠢᠨ᠎ᠠ᠃    ᠬᠦᠨᠳᠤ ᠨᠤᠴᠢᠳᠠᠢ ᠵᠡᠮᠳᠡᠭᠴᠤᠳ ᠬᠡᠳᠡᠭ ᠨᠢ ᠬᠤᠶᠠᠳᠤᠭᠠᠷ ᠦᠶ᠎ᠡ ᠶᠢᠨ ︽ᠪᠦᠬᠦᠳᠡ ᠨᠠᠶᠢᠷᠠᠮᠳᠠᠬᠤ ᠲᠤᠮᠳᠠᠳᠤ  ᠠᠷᠠᠳ ᠤᠯᠤᠰ ᠤᠨ ᠵᠡᠮᠳᠡᠭᠴᠤᠳ ᠤᠨ ᠬᠡᠷᠡᠴᠢ︾ ᠲᠠᠢ᠂ ᠵᠡᠮᠳᠡᠭ ᠤᠨ ᠲᠡᠰ ᠤᠨ ᠨᠢᠬᠡᠳᠤᠬᠡᠷ᠂ ᠬᠤᠶᠠᠳᠤᠭᠠᠷ ᠲᠡᠰ   ᠤᠨ ᠵᠡᠮᠳᠡᠭᠴᠤᠳ ᠢ ᠬᠡᠯᠡᠨ᠎ᠡ᠃  3᠂ ᠵᠡᠮᠳᠡᠭᠴᠤᠳ ᠤᠨ ᠬᠤᠶᠠᠷ ᠨᠦᠬᠦᠪᠤᠷᠢ ᠪᠠ ᠨᠠᠭᠠᠳᠤ ᠵᠠᠬ᠎ᠠ ᠶᠢᠨ ᠪᠠᠳᠤᠯᠠᠭ᠎ᠠ ᠨᠢ ᠶᠠᠮᠠᠷ ᠢᠯᠭᠠᠭ᠎ᠠ ᠲᠠᠢ ᠪᠤᠢ︖     ᠬᠠᠷᠢᠭᠤᠯᠳᠠ᠄ ᠬᠤᠶᠠᠷ ᠨᠦᠬᠦᠪᠤᠷᠢ ᠪᠤᠯ ᠲᠤᠰᠬᠠᠶᠢᠯᠠᠨ ᠵᠡᠮᠳᠡᠭᠴᠤᠳ ᠲᠤ ᠬᠠᠨᠭ᠍ᠭᠠᠬᠤ ᠨᠦᠬᠦᠪᠤᠷᠢ ᠶᠢᠨ  ᠲᠦᠷᠤᠯ ᠵᠦᠢᠯ ᠪᠤᠯᠬᠤ ᠤᠴᠢᠷ ᠠᠴᠠ ᠨᠦᠬᠦᠴᠡᠯ ᠳᠤ ᠨᠡᠶᠢᠴᠡᠭᠰᠡᠨ ᠵᠡᠮᠳᠡᠭᠴᠤᠳ ᠯᠨ ᠡᠷᠡᠮᠡᠯᠵᠡᠯᠡᠵᠤ ᠪᠤᠯᠤᠨ᠎ᠠ᠃  ᠬᠠᠷᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠪᠤᠯ ᠨᠡᠶᠢᠬᠡᠮ ᠤᠨ ᠤᠷᠤᠯᠭ᠎ᠠ ᠲᠤᠤᠷ᠎ᠠ ᠤᠯᠠᠨ ᠲᠦᠮᠡᠨ ᠳᠤ ᠪᠠᠳᠤᠯᠠᠭ᠎ᠠ ᠬᠠᠨᠭ᠍ᠭᠠᠨ᠎ᠠ᠃ ᠬᠡᠪᠡᠴᠤ ᠵᠡᠮᠳᠡᠭᠴᠤᠳ ᠤᠨ ᠨᠦᠬᠦᠪᠤᠷᠢ ᠨᠢ ᠬᠦᠴᠢᠷᠳᠡᠯ ᠤᠨ ᠪᠠᠶᠢᠳᠠᠯ ᠢ  ᠦᠨᠳᠤᠰᠤᠯᠡᠵᠤ ᠪᠠᠶᠢᠭ᠎ᠠ ᠪᠤᠯᠬᠤ ᠪᠠᠷ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠲᠠᠢ ᠵᠡᠮᠳᠡᠭᠴᠤᠳ  ᠦᠨᠳᠤᠰᠤᠨ ᠳᠤ ᠪᠠᠨ ᠬᠦᠴᠢᠷᠳᠡᠯ ᠲᠠᠢ ᠵᠡᠮᠳᠡᠭᠴᠤᠳ ᠤᠨ ᠠᠮᠢᠳᠤᠷᠠᠯ ᠤᠨ ᠨᠦᠬᠦᠪᠤᠷᠢ ᠶᠢ ᠬᠦᠷᠳᠡᠵᠤ ᠪᠤᠯᠬᠤ ᠶᠤᠮ  ᠃     ᠢᠷᠡᠯᠲᠡ᠄   ᠠᠷᠠᠳ ᠤᠨ ᠶᠠᠪᠤᠳᠠᠯ ᠤᠨ ᠶᠠᠮᠤᠨ ᠤ ᠰᠦᠯᠵᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号