ᠰᠦᠮ᠎ᠡ ᠭᠡᠶᠢᠳ ᠲᠠᠢ ᠪᠠᠷᠢᠯᠳᠣᠯᠭ᠎ᠠ ᠲᠠᠢ ᠣᠨ ᠵᠢᠯ ᠤᠳ
ᠨᠡᠶᠢᠲᠡᠯᠡᠭᠰᠡᠨ ᠴᠠᠭ᠄
2022/12/2
ᠨᠢᠭᠡ᠂ ᠮᠢᠨᠣ ᠬᠤᠪᠢ ᠬᠥᠮᠥᠨ ᠤ ᠲᠣᠪᠴᠢ ᠪᠠᠶᠢᠳᠠᠯᠮᠢᠨᠤ ᠮᠣᠩᠭᠤᠯ ᠨᠡᠷ᠎ᠡ ᠪᠣᠶᠠᠨ ᠲᠣᠭᠲᠠᠬᠤ ᠭᠡᠳᠡᠭ᠂ ᠲᠥᠪᠡᠳ ᠨᠡᠷ᠎ᠡ ᠷᠢᠨᠴᠢᠨᠳᠣᠷᠵᠢ ᠭᠡᠳᠡᠭ᠂ ᠬᠢᠲᠠᠳ ᠨᠡᠷ᠎ᠡ ᠬᠤ᠋ ᠵᠧᠨ ᠬᠠᠢ ᠭᠡᠳᠡᠭ᠃ 1946 ᠣᠨ ᠤ 12 ᠰᠠᠷ᠎ᠠ ᠶᠢᠨ 16 ᠤ ᠡᠳᠦᠷ᠂ ᠨᠢᠩᠴᠧᠩ ᠰᠢᠶᠠᠨ ᠤ ᠳᠡᠭᠡᠷ᠎ᠡ ᠬᠤᠷᠤᠭ᠎ᠠ ᠪᠠᠯᠭᠠᠰᠤᠨ ᠤ ᠳᠡᠭᠡᠷ᠎ᠡ ᠲᠠᠪᠤᠨ ᠭᠡᠷ ᠭᠠᠴᠠᠭᠠᠨ ᠤ ᠡᠭᠡᠯ ᠵᠢᠷ ᠤᠨ ᠲᠠᠷᠢᠶᠠᠴᠢᠨ ᠤ ᠭᠡᠷ ᠲᠤ ᠲᠦᠷᠦᠵᠡᠢ᠃ ᠮᠢᠨᠤ ᠭᠡᠷ ᠦᠯᠵᠡᠶᠢᠲᠦ ᠨᠣᠮ ᠤᠨ ᠬᠦᠷᠳᠦᠲᠦ ᠰᠦᠮ᠎ᠡ ᠠᠴᠠ ᠬᠠᠭᠠᠰ ᠭᠠᠵᠠᠷ ᠤᠨ ᠵᠠᠶᠢᠲᠠᠢ ᠪᠠᠶᠢᠳᠠᠭ᠂ ᠪᠠᠭ᠎ᠠ ᠠᠴᠠ ᠰᠦᠮ᠎ᠡ ᠬᠡᠶᠢᠳ ᠪᠠ ᠯᠠᠮ᠎ᠠ ᠪᠠᠭᠰᠢ ᠨᠠᠷ ᠤᠨ ᠲᠣᠬᠠᠢ ᠠᠷᠪᠢᠨ ᠵᠣᠭᠤᠭ ᠪᠠ ᠦᠵᠡᠵᠦ ᠰᠣᠨᠣᠰᠣᠭᠰᠠᠨ ᠵᠦᠢᠯ ᠨᠡᠯᠢᠶᠡᠳ ᠪᠠᠶᠢᠳᠠᠭ ᠠᠴᠠ᠂ ᠰᠦᠮ᠎ᠡ ᠬᠡᠶᠢᠳ ᠨᠢ ᠨᠠᠳᠠᠳᠣ ᠲᠤᠩ ᠶᠡᠭᠡ ᠨᠥᠯᠥᠭᠡ ᠪᠣᠯᠣᠭᠰᠠᠨ ᠮᠦᠷᠲᠡᠭᠡᠨ ᠮᠢᠨᠤ ᠪᠠᠭ᠎ᠠ ᠶᠢᠨ ᠦᠶ᠎ᠡ ᠶᠢᠨ ᠰᠡᠳᠭᠢᠯ ᠰᠠᠨᠠᠭ᠎ᠠ ᠶᠢ ᠴᠦ ᠠᠷᠭᠠᠮᠵᠢᠵᠤ ᠪᠠᠶᠢᠯ᠎ᠠ᠃ᠪᠢ ᠬᠠᠷᠠᠬᠠᠨ ᠪᠠᠭ᠎ᠠ ᠠᠴᠠ ᠪᠠᠨ ᠮᠠᠷᠠᠲᠣ ᠶᠢᠨ ᠳᠤᠮᠳᠠᠳᠤ ᠪᠠᠭ᠎ᠠ ᠰᠤᠷᠭᠠᠭᠤᠯᠢ ᠳᠤ ᠮᠣᠩᠭᠤᠯ ᠢᠶᠠᠷ ᠪᠢᠴᠢᠭ ᠦᠵᠡᠭᠰᠡᠨ ᠲᠤᠯᠠ ᠮᠣᠩᠭᠤᠯ ᠦᠭᠡ ᠬᠡᠯᠡ ᠦᠰᠦᠭ ᠪᠢᠴᠢᠭ ᠲᠤ ᠬᠠᠶᠢᠷᠠᠲᠠᠢ᠂ ᠮᠣᠩᠭᠤᠯ ᠢᠶᠠᠷ ᠰᠣᠨᠢᠨ ᠰᠡᠳᠬᠦᠯ ᠪᠤᠶᠤ ᠱᠠᠰᠢᠨ ᠤ ᠨᠣᠮ ᠪᠢᠴᠢᠭ ᠢ ᠤᠩᠰᠢᠵᠤ ᠤᠶᠢᠯᠠᠭᠠᠳᠠᠭ ᠮᠦᠷᠲᠡᠭᠡᠨ ᠳᠦᠭᠦᠮ ᠳᠦᠳᠡ ᠵᠣᠬᠢᠶᠠᠯ ᠴᠦ ᠪᠢᠴᠢᠴᠢᠭᠡᠳᠡᠭ᠃ ᠮᠣᠩᠭᠤᠯ ᠬᠢᠲᠡᠳ ᠪᠢᠴᠢᠭ ᠢ ᠵᠡᠷᠭᠡᠪᠡᠷ ᠣᠩᠰᠢᠵᠤ ᠤᠶᠢᠯᠠᠭᠠᠴᠢᠬᠠᠨ᠎ᠠ᠃1966 ᠣᠨ ᠤ ᠦᠶᠡᠰ ᠲᠤ᠂ ᠰᠣᠶᠣᠯ ᠤᠨ ᠬᠤᠪᠢᠰᠬᠠᠯ ᠤᠨ ᠤᠷᠪᠠᠯᠭ᠎ᠠ ᠭᠠᠷᠭᠠᠭᠴᠢᠳ ᠬᠤᠪᠢ ᠬᠦᠮᠤᠨ ᠤ ᠭᠡᠷ ᠲᠤ᠂ ᠯᠤᠤᠶᠧ ᠶᠢᠨ ᠰᠦᠮ᠎ᠡ ᠳᠤ ᠬᠤᠷᠠᠯ ᠨᠣᠮ ᠬᠤᠷᠠᠳᠠᠭ ᠠᠯᠢᠪᠠ ᠵᠦᠢᠯ ᠢ ᠦᠵᠡᠬᠦ ᠶᠢᠨ ᠲᠠᠮᠳᠠᠭ ᠦᠭᠡᠢ ᠡᠪᠳᠡᠵᠦ ᠬᠠᠭᠠᠴᠠᠭᠰᠠᠨ ᠪᠠᠶᠢᠳᠠᠯ ᠢ ᠨᠢᠳᠦ ᠪᠠᠷ ᠢᠶᠠᠨ ᠬᠠᠷᠠᠵᠤ ᠪᠠᠶᠢᠭᠰᠠᠨ ᠶᠤᠮ᠃ ᠭᠡᠪᠡᠴᠦ ᠦᠯᠵᠡᠶᠢᠲᠦ ᠨᠣᠮ ᠤᠨ ᠬᠦᠷᠳᠦᠲᠦ ᠭᠡᠶᠢᠳ ᠬᠠᠷᠢᠨ ᠨᠢᠭᠡᠳᠦᠯ ᠤᠨ ᠠᠮᠤ ᠪᠤᠳᠠᠭᠠᠨ ᠤ ᠬᠥᠮᠥᠷᠭᠡ ᠪᠠᠶᠢᠭᠰᠠᠨ ᠠᠴᠠ ᠬᠠᠮᠠᠭᠠᠯᠠᠯᠲᠠ ᠪᠠᠨ ᠣᠯᠵᠤ᠂ ᠭᠡᠷ ᠪᠠᠷᠢᠯᠭ᠎ᠠ᠂ ᠬᠦᠷᠢᠶ᠎ᠡ ᠬᠠᠰᠢᠶ᠎ᠠ ᠨᠡᠯᠢᠶᠡᠳ ᠪᠦᠷᠢᠨ ᠪᠦᠲᠦᠨ ᠢᠶᠠᠷ ᠢᠶᠠᠨ ᠦᠯᠳᠡᠵᠡᠢ᠃ᠰᠦᠮ᠎ᠡ ᠬᠡᠶᠢᠳ ᠢ ᠰᠡᠷᠭᠦᠭᠡᠭᠰᠡᠨ ᠤ ᠰᠡᠭᠦᠯᠡᠷ᠂ ᠮᠢᠨᠣ ᠪᠡᠶ᠎ᠡ ᠭᠡᠷ ᠵᠠᠭᠤᠷ᠎ᠠ ᠶᠢᠨ ᠠᠵᠢᠯ ᠪᠠ ᠲᠠᠷᠢᠶᠠᠨ ᠠᠵᠢᠯ ᠤᠨ ᠵᠠᠢ ᠴᠢᠯᠦᠭᠡ ᠪᠠᠨ ᠦᠵᠡᠵᠦ ᠦᠷᠭᠦᠯᠵᠢ ᠰᠦᠮ᠎ᠡ ᠳᠤ ᠢᠷᠡᠵᠦ ᠬᠦᠷᠢᠶ᠎ᠡ ᠬᠠᠰᠢᠶ᠎ᠠ ᠶᠢ ᠴᠡᠪᠡᠷᠯᠡᠬᠦ᠂ ᠰᠦᠮ᠎ᠡ ᠲᠣᠭᠠᠩ ᠤᠨ ᠡᠷᠡᠭᠦᠯ ᠬᠠᠮᠠᠭᠠᠯᠠᠯ ᠤᠨ ᠠᠵᠢᠯ ᠢ ᠬᠠᠪᠰᠣᠷᠴᠣ ᠬᠢᠳᠡᠭ ᠪᠦᠭᠡᠳ ᠰᠦᠮ᠎ᠡ ᠶᠢᠨ ᠬᠤᠷᠠᠯ ᠪᠣᠯᠭᠠᠨ ᠴᠠᠮ ᠶᠢᠨ ᠪᠦᠵᠢᠭ ᠲᠤ ᠣᠷᠣᠯᠴᠠᠨ᠂ ᠬᠦᠷ ᠬᠦᠭᠵᠢᠶᠡᠨ ᠨᠡᠮᠡᠳᠡᠭ᠃ᠵᠠᠷᠢᠮ ᠳᠠᠭᠠᠨ ᠪᠠᠰᠠ ᠰᠦᠮ᠎ᠡ ᠤᠨ ᠲᠣᠭᠤᠭᠠᠨ ᠭᠡᠷ ᠤᠨ ᠴᠧᠨ ᠭᠤᠸᠠᠩ ᠷᠦᠩ ᠪᠠᠭᠰᠢ ᠳᠤ ᠬᠠᠪᠰᠤᠷᠤᠨ ᠲᠦᠯᠡᠭᠡ ᠮᠣᠳᠣ ᠵᠦᠭᠡᠭᠡᠬᠦ᠂ ᠭᠠᠯ ᠬᠦᠰᠣ ᠶᠢ ᠨᠢ ᠬᠢᠵᠦ ᠦᠭᠭᠦᠬᠦ᠂ ᠰᠦᠮ᠎ᠡ ᠳᠤ ᠢᠷᠡᠭᠰᠡᠨ ᠭᠡᠶᠢᠴᠢᠨ ᠵᠣᠴᠢᠨ ᠮᠦᠷᠭᠦᠯᠴᠢᠳ  ᠲᠤ ᠬᠠᠨᠵᠤ ᠶᠢ ᠨᠢ ᠬᠠᠯᠠᠭᠤᠯᠵᠣ ᠦᠭᠭᠦᠬᠦ᠂ ᠤᠰᠤ ᠳᠠᠮᠨᠠᠵᠤ ᠦᠭᠭᠦᠬᠦ ᠵᠡᠷᠭᠡ ᠠᠵᠢᠯ ᠢ ᠬᠠᠪᠰᠣᠷᠴᠣ ᠬᠢᠵᠦ ᠦᠭᠭᠦᠳᠡᠭ ᠴᠤ ᠶᠡᠷᠤᠳᠡᠭᠡᠨ ᠰᠦᠮ᠎ᠡ ᠳᠡᠭᠡᠷ᠎ᠡ ᠬᠤᠨᠣᠳᠠᠭ ᠦᠭᠡᠢ᠂ ᠬᠤᠭᠤᠯᠠ ᠢᠳᠡᠳᠡᠭ ᠦᠭᠡᠢ᠃ ᠭᠡᠷ ᠲᠤ ᠪᠠᠨ ᠬᠠᠷᠢᠵᠣ ᠦᠲᠡᠯᠦᠭᠡ ᠮᠦᠮᠦ ᠪᠠᠨ ᠬᠠᠷᠠᠵᠣ ᠬᠠᠷᠠᠭᠠᠯᠵᠠᠨ᠂ ᠬᠠᠯᠠᠭᠤᠨ ᠳᠣᠯᠠᠭᠠᠨ ᠬᠤᠨᠣᠭᠤᠯᠵᠣ᠂ ᠠᠮᠲᠠ ᠰᠢᠮᠲᠡᠲᠡᠢ ᠢᠳᠡᠭᠦᠯᠵᠦ ᠤᠤᠭᠤᠯᠭᠠᠳᠠᠭ ᠠᠴᠠ ᠮᠢᠨᠦ ᠮᠦᠮᠦ 92 ᠨᠠᠰᠣᠨ ᠳᠠᠭᠠᠨ ᠪᠣᠷᠬᠠᠨ ᠪᠣᠯᠵᠤ ᠪᠢᠯᠡ᠃ᠡᠵᠢ ᠶᠢᠨ ᠭᠤᠷᠪᠠᠨ ᠵᠢᠯ ᠤᠨ ᠤᠢ ᠳᠡᠭᠡᠷ᠎ᠡ ᠂ ᠪᠢ ᠰᠦᠮ᠎ᠡ ᠠᠴᠠ ᠠᠷᠪᠠᠭᠠᠳ ᠪᠠᠭᠰᠢ ᠶᠢ ᠵᠠᠯᠠᠵᠤ᠂ ᠨᠣᠮ ᠣᠩᠰᠢᠭᠤᠯᠣᠨ᠂ ᠬᠦᠭᠵᠢᠮ ᠬᠠᠪᠰᠣᠷᠭᠠᠵᠣ᠂ ᠮᠦᠮᠦ ᠶᠢᠨ ᠬᠠᠮᠤᠭ ᠰᠡᠭᠦᠯᠴᠢ ᠶᠢᠨ ᠪᠣᠶᠠᠨ ᠤ ᠶᠠᠪᠣᠳᠠᠯ ᠢ ᠦᠢᠯᠡᠳᠴᠦ᠂ ᠪᠠᠭᠰᠢ ᠯᠠᠮ᠎ᠠ ᠪᠦᠷᠢ ᠳᠤ 40 ᠲᠥᠭᠦᠷᠢᠭ ᠤᠨ ᠵᠢᠳ ᠪᠠᠷᠢᠵᠣ᠂ ᠬᠦᠪᠡᠭᠦᠨ ᠪᠣᠯᠣᠭᠰᠠᠨ‌‍ᠰᠠᠨᠠᠭ᠎ᠠ ᠰᠡᠳᠭᠢᠯ ᠢᠶᠠᠨ ᠢᠯᠡᠳᠭᠡᠵᠦ ᠪᠢᠯᠡ᠃ᠢᠩᠭᠢᠵᠦ ᠰᠦᠮ᠎ᠡ ᠶᠢᠨ ᠬᠤᠷᠠᠯ᠂ ᠴᠠᠮ ᠤᠨ ᠪᠦᠵᠢᠭ᠂ ᠰᠦᠮ᠎ᠡ ᠪᠠᠨ ᠪᠠᠶᠢᠭᠤᠯᠬᠤ᠂ ᠰᠦᠮ᠎ᠡ ᠪᠠᠨ ᠴᠡᠪᠡᠷᠯᠡᠨ ᠬᠠᠮᠠᠭᠠᠯᠠᠬᠤ᠂ ᠪᠣᠰᠣᠳ ᠲᠤ ᠬᠠᠪᠰᠣᠷᠬᠤ ᠠᠵᠢᠯ ᠢ ᠬᠠᠯᠠᠭᠤᠨ ᠰᠡᠳᠭᠢᠯ ᠢᠶᠠᠨ ᠪᠠᠷᠢᠮᠲᠠᠯᠠᠨ ᠬᠢᠭᠰᠡᠨ ᠢᠶᠠᠷ ᠱᠠᠰᠢᠨ ᠤ ᠶᠠᠪᠣᠳᠠᠯ ᠤᠨ ᠠᠵᠢᠯ᠂ ᠰᠦᠮ᠎ᠡ ᠶᠢᠨ ᠬᠠᠮᠢᠶᠠᠷᠣᠯᠲᠠ ᠶᠢᠨ ᠠᠵᠢᠯ ᠢ ᠬᠠᠪᠰᠣᠷᠭᠠᠨ ᠬᠢᠵᠦ ᠪᠠᠶᠢᠭᠰᠠᠨ ᠰᠢᠷᠠᠪᠨᠢᠮ᠎ᠠ ᠪᠠᠭᠰᠢ ᠪᠠ ᠪᠣᠰᠣᠳ ᠪᠠᠭᠰᠢ ᠯᠠᠮ᠎ᠠ ᠨᠠᠷ ᠤᠨ ᠬᠠᠯᠠᠭᠤᠨ ᠳᠡᠮᠵᠢᠯᠭᠡ ᠶᠢ ᠣᠯᠣᠭᠰᠠᠨ ᠤ ᠳᠡᠭᠡᠷ᠎ᠡ᠂ ᠬᠤᠪᠢ ᠬᠦᠮᠦᠨ ᠤ ᠭᠤᠶᠣᠴᠢᠯᠠᠯ ᠢᠶᠠᠷ 1999 ᠣᠨ ᠤ ᠬᠠᠪᠤᠷ᠂ ᠰᠦᠮ᠎ᠡ ᠳᠤ ᠵᠢᠩᠬᠢᠨᠢ ᠪᠠᠷ ᠢᠷᠡᠵᠦ ᠯᠠᠮ᠎ᠠ ᠪᠣᠯᠵᠠᠢ᠃ 2015 ᠣᠨ ᠤ 11 ᠰᠠᠷ᠎ᠠ ᠳᠤ᠂ ᠨᠢᠩᠴᠧᠩ ᠰᠢᠶᠠᠨ ᠤ ᠦᠨᠳᠦᠰᠦᠲᠡᠨ ᠱᠠᠰᠢᠨ ᠰᠤᠷᠲᠠᠬᠤᠨ ᠤ ᠲᠣᠪᠴᠢᠶ᠎ᠠ ᠠᠴᠠ ᠨᠠᠳᠠ ᠳᠤ ︽ᠪᠤᠳ᠋ᠳ᠋ᠾᠠ ᠶᠢᠨ ᠱᠠᠰᠢᠨ ᠤ ᠬᠤᠸᠠᠷᠠᠭ ᠤᠨ ᠦᠨᠡᠮᠯᠡᠯ︾ ᠦᠭᠴᠦ᠂ ᠰᠠᠷ᠎ᠠ ᠪᠦᠷᠢ ᠠᠮᠢᠳᠤᠷᠠᠯ ᠤᠨ ᠨᠥᠬᠦᠪᠦᠷᠢ ᠵᠣᠭᠤᠰ ᠲᠠᠢ᠂ ᠨᠡᠷ᠎ᠡ ᠨᠢᠳᠡᠷ ᠠᠳᠠᠯ ᠠᠮᠢᠳᠤᠷᠠᠯ ᠪᠦᠷ ᠪᠠᠲᠤᠯᠠᠭ᠎ᠠ ᠲᠠᠢ ᠪᠣᠯᠵᠤ᠂ ᠥᠲᠡᠯᠦᠭᠡ ᠨᠠᠰᠤ ᠪᠠᠨ ᠵᠣᠯ ᠵᠢᠷᠭᠠᠯ ᠲᠠᠢ ᠦᠩᠭᠡᠷᠡᠭᠦᠯᠬᠦ ᠪᠣᠯᠵᠠᠢ᠃ᠪᠢ ᠦᠪᠡᠷ ᠢᠶᠠᠨ ᠮᠣᠩᠭᠤᠯ ᠪᠢᠴᠢᠭ ᠰᠣᠷᠣᠭᠰᠠᠨ ᠤᠴᠢᠷ ᠠᠴᠠ᠂ ᠦᠷᠭᠦᠯᠵᠢ ᠳᠡᠭᠡᠨ ᠮᠣᠩᠭᠤᠯ ᠨᠣᠮ ᠪᠢᠴᠢᠭ᠂ ᠰᠣᠨᠢᠨ ᠰᠡᠳᠬᠦᠯ ᠤᠩᠰᠢᠳᠠᠭ ᠪᠦᠭᠡᠳ ᠰᠡᠯᠡᠭᠦᠦ ᠴᠠᠭ ᠢᠶᠠᠨ ᠠᠰᠢᠭᠯᠠᠵᠣ ᠦᠪᠡᠷ ᠤᠨ ᠠᠮᠢᠳᠣᠷᠠᠯ ᠤᠨ ᠥᠩᠭᠡᠷᠡᠯᠲᠡ ᠪᠣᠶᠣ ᠰᠦᠮ᠎ᠡ ᠬᠡᠶᠢᠳ ᠤᠨ ᠲᠣᠬᠠᠢ ᠥᠩᠭᠡᠷᠡᠯᠲᠡ ᠪᠠᠨ ᠪᠢᠴᠢᠵᠦ ᠲᠡᠮᠳᠡᠭᠯᠡᠳᠡᠭ ᠵᠠᠩᠰᠢᠯ ᠲᠠᠢ ᠪᠣᠯᠵᠠᠢ᠃ ᠵᠢᠯ ᠪᠦᠷᠢ ᠶᠢᠨ ᠴᠠᠭᠠᠨ ᠰᠠᠷ᠎ᠠ ᠶᠢᠨ ᠬᠤᠣᠰ ᠤᠶᠠᠩᠭ᠎ᠠ ᠶᠢ ᠴᠤ ᠨᠠᠶᠢᠷᠠᠭᠤᠯᠣᠨ ᠪᠢᠴᠢᠵᠦ ᠦᠭᠳᠡᠭ᠃ᠤᠳᠤ ᠴᠤ ᠭᠡᠰᠡᠨ᠂ ᠪᠢ ᠡᠳᠦᠷ ᠪᠦᠷᠢ ᠬᠢᠳᠡᠭ ᠠᠵᠢᠯ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠦᠯᠵᠡᠶᠢᠲᠦ ᠨᠣᠮ ᠤᠨ ᠬᠦᠷᠳᠦᠲᠦ ᠭᠡᠶᠢᠳ ᠤᠨ ᠦᠷᠯᠦᠭᠡ ᠶᠢᠨ ᠬᠤᠩᠬᠤᠨ ᠲᠠᠭᠤᠨ ᠢᠶᠠᠷ ᠣᠷᠭᠤᠬᠤ ᠨᠠᠷᠠ ᠲᠠᠢ ᠣᠷᠣᠯᠳᠣᠨ ᠪᠣᠰᠴᠣ᠂ ᠰᠦᠵᠢᠭ ᠲᠠᠢ ᠵᠠᠯᠪᠠᠷᠢᠨ ᠰᠡᠳᠭᠢᠯ ᠠᠷᠢᠭᠤᠰᠬᠠᠵᠣ ᠶᠠᠪᠣᠨ᠎ᠠ᠃ᠬᠤᠶᠠᠷ᠂ ᠦᠯᠵᠡᠶᠢᠲᠦ ᠨᠣᠮ ᠤᠨ ᠬᠦᠷᠳᠦᠲᠦ ᠭᠡᠶᠢᠳ ᠤᠨ ᠲᠣᠬᠠᠢᠦᠯᠵᠡᠶᠢᠲᠦ ᠨᠣᠮ ᠤᠨ ᠬᠦᠷᠳᠦᠲᠦ ᠭᠡᠶᠢᠳ ᠢ ᠪᠠᠰᠠ ᠬᠦᠷᠳᠦᠲᠦ ᠰᠦᠮ᠎ᠡ᠂ ᠦᠯᠵᠡᠶᠢᠲᠦ ᠨᠣᠮ ᠤᠨ ᠢᠷᠣᠭᠡᠯᠲᠦ ᠰᠦᠮ᠎ᠡ ᠭᠡᠵᠦ ᠠᠳᠠᠯᠢ ᠪᠤᠰᠤ ᠣᠷᠴᠢᠭᠤᠯᠣᠨ ᠬᠡᠯᠡᠵᠦ ᠪᠤᠢ᠃ ᠲᠣᠰ ᠰᠦᠮ᠎ᠡ ᠨᠢ ᠯᠢᠶᠣᠤ ᠤᠯᠤᠰ ᠤᠨ ᠦᠶ᠎ᠡ ᠶᠢᠨ ᠯᠢᠩ ᠯᠦᠩ ᠰᠧ ᠬᠡᠶᠢᠳ ᠤᠨ ᠬᠠᠭᠤᠴᠢᠨ ᠦᠯᠳᠡᠭᠳᠡᠯ ᠳᠡᠭᠡᠷ᠎ᠡ ᠪᠠᠶᠢᠭᠤᠯᠣᠯ᠎ᠠ ᠭᠡᠰᠡᠨ ᠣᠯᠠᠮᠵᠢᠯᠠᠯ ᠶᠠᠷᠢᠶ᠎ᠠ ᠶᠢ ᠰᠣᠨᠣᠰᠴᠤ ᠪᠠᠶᠢᠭᠰᠠᠨ᠂ ᠲᠣᠬᠠᠢ ᠶᠢᠨ ᠦᠶ᠎ᠡ ᠳᠡᠭᠡᠨ ᠬᠤᠪᠢ ᠬᠦᠮᠦᠨ ᠤ ᠰᠦᠮ᠎ᠡ ᠪᠠᠶᠢᠯ᠎ᠠ ᠭᠡᠳᠡᠭ᠃ ᠴᠢᠩ ᠤᠯᠤᠰ ᠤᠨ ᠲᠡᠭᠷᠢ ᠲᠡᠳᠬᠦᠭᠴᠢ ᠶᠢᠨ ᠠᠷᠪᠠᠳᠤᠭᠠᠷ ᠣᠨ᠂ ᠬᠥᠬᠡᠭᠴᠢᠨ ᠦᠬᠡᠷ ᠵᠢᠯ ︵1745  ᠣᠨ︶ ᠠᠴᠠ ᠡᠬᠢᠯᠡᠨ ᠬᠠᠷᠠᠴᠢᠨ ᠳᠤᠮᠳᠠᠳᠤ ᠬᠤᠰᠢᠭᠤᠨ ᠤ ᠵᠠᠰᠠᠭ ᠸᠠᠩ ᠤᠨ ᠭᠤᠷᠪᠠᠨ ᠦᠶ᠎ᠡ ᠶᠢᠨ ᠬᠦᠮᠦᠰ ᠵᠤᠭᠤᠰ ᠮᠦᠩᠬᠦ ᠴᠤᠭᠯᠠᠭᠤᠯᠵᠤ ᠪᠠᠶᠢᠭᠠᠳ 58 ᠵᠢᠯ ᠤᠨ ᠴᠠᠭ ᠢ ᠬᠡᠷᠡᠭᠰᠡᠵᠦ ᠰᠠᠶᠢᠰᠢᠶᠠᠯ ᠢᠷᠦᠭᠡᠯᠲᠦ ᠶᠢᠨ ᠨᠠᠢᠮᠠᠳᠤᠭᠠᠷ ᠣᠨ᠂ ᠬᠠᠷᠠᠭᠴᠢᠨ ᠭᠠᠭ᠋ᠠᠢ ᠣᠨ ︵1803 ᠣᠨ︶ ᠳᠤ ᠪᠠᠶᠢᠭᠤᠯᠵᠣ ᠪᠠᠷᠠᠭᠠᠳ ᠬᠠᠷᠠᠴᠢᠨ ᠳᠤᠮᠳᠠᠳᠤ ᠬᠤᠰᠢᠭᠤᠨ ᠤ ᠵᠠᠰᠠᠭ ᠸᠠᠩ ᠤᠨ ᠰᠦᠮ᠎ᠡ ᠪᠣᠯᠭᠠᠵᠠᠢ᠃ᠮᠢᠨᠣ ᠭᠡᠷ ᠰᠦᠮ᠎ᠡ ᠠᠴᠠ ᠲᠣᠩ ᠣᠶᠢᠷᠠᠬᠠᠨ ᠣᠴᠢᠷ ᠠᠴᠠ᠂ ᠦᠷᠭᠦᠯᠵᠢ ᠰᠦᠮ᠎ᠡ ᠶᠢᠨ ᠣᠶᠢᠷᠡᠯᠴᠠᠭ᠎ᠠ ᠨᠠᠭᠠᠳᠴᠤ᠂ ᠰᠦᠮ᠎ᠡ ᠶᠢᠨ ᠲᠤᠬᠠᠢ ᠡᠳᠦᠢ ᠲᠡᠳᠦᠢ ᠦᠵᠡᠵᠦ ᠰᠣᠨᠣᠰᠤᠭᠰᠠᠨ ᠵᠦᠢᠯ ᠤᠳ ᠢᠶᠠᠨ ᠠᠳᠡ ᠳᠦᠭᠦᠮ ᠲᠡᠮᠳᠡᠭᠯᠡᠪᠡ᠃ ᠨᠠᠳᠠ ᠶᠢ ᠪᠠᠭ᠎ᠠ ᠪᠠᠶᠢᠬᠤ ᠳᠤ ᠡᠨᠡ ᠬᠦᠷᠢᠶᠡᠨ ᠳᠤ ᠭᠦᠩᠱᠧ ᠶᠢᠨ ᠠᠮᠤ ᠪᠤᠳᠠᠭᠠᠨ ᠤ ᠰᠠᠩ ᠪᠠᠶᠢᠵᠠᠢ᠃ ᠲᠤᠬᠠᠢ ᠶᠢᠨ ᠦᠶ᠎ᠡ ᠳᠤ ᠰᠦᠮ᠎ᠡ ᠶᠢᠨ ᠨᠣᠮ ᠬᠤᠷᠠᠬᠤ ᠳᠠᠭᠠᠨ ᠰᠦᠮ᠎ᠡ ᠶᠢᠨ ᠠᠷᠤ ᠳᠠᠬᠢ ᠬᠤᠪᠢ ᠬᠥᠮᠥᠨ ᠤ ᠭᠡᠷ ᠤᠨ ᠰᠦᠮ᠎ᠡ ᠳᠤ ᠬᠤᠷᠠᠳᠠᠭ᠃ ᠬᠡᠳᠦᠨ ᠵᠢᠯ ᠤᠨ ᠲᠠᠷᠠᠭ᠎ᠠ᠂ ᠨᠢᠭᠡᠳᠦᠯ ᠬᠤᠷᠰᠢᠶᠠᠵᠢᠯ ᠭᠡᠳ ︽ᠨᠡᠶᠢᠲᠡ ᠶᠢᠨ ᠥᠮᠴᠢᠯᠡᠯ︾ ᠪᠣᠯᠵᠤ᠂ ᠦᠢᠯᠡᠳᠪᠦᠷᠢᠯᠡᠯ ᠤᠨ ᠪᠠᠷᠢᠭᠠᠳᠠ ᠪᠠᠶᠢᠭᠤᠯᠣᠭᠳᠠᠭᠠᠳ᠂ ᠬᠤᠪᠢ ᠬᠥᠮᠥᠨ ᠤ ᠭᠡᠷ ᠤᠨ ᠰᠦᠮ᠎ᠡ ᠳᠤ ᠬᠤᠷᠠᠯ ᠨᠣᠮ ᠬᠤᠷᠠᠬᠤ ᠳᠤ ᠳᠦᠭᠦᠮ ᠦᠭᠡᠢ ᠪᠣᠯᠣᠭᠰᠠᠨ ᠠᠴᠠ ᠠᠶᠢᠯ ᠤᠨ ᠵᠠᠬ᠎ᠠ ᠳᠠᠬᠢ ᠬᠡᠷᠡᠮ ᠬᠠᠰᠢᠶ᠎ᠠ ᠴᠦ ᠦᠭᠡᠢ᠂ ᠬᠦᠷᠢᠶᠡᠨ ᠡᠭᠦᠳᠡ ᠨᠢ ᠨᠣᠷᠠᠮᠠᠷ ᠪᠣᠯᠣᠭᠰᠠᠨ ᠯᠣᠣᠶᠧ ᠶᠢᠨ ᠰᠦᠮ᠎ᠡ ᠶᠢ ᠵᠠᠰᠠᠵᠤ ᠰᠢᠨᠡᠳᠭᠡᠭᠡᠳ ᠬᠤᠷᠠᠯ ᠨᠣᠮ ᠬᠤᠷᠠᠬᠤ ᠪᠣᠯᠣᠭᠰᠠᠨ ᠶᠤᠮ᠃1963 ᠣᠨ ᠠᠴᠠ ᠡᠬᠢᠯᠡᠭᠰᠡᠨ ︽ᠳᠥᠷᠪᠡ ᠶᠢ ᠴᠡᠪᠡᠷᠯᠡᠬᠦ︾ ᠬᠥᠳᠡᠯᠭᠡᠭᠡᠨ ᠬᠢᠭᠡᠳ 1966 ᠣᠨ ᠠᠴᠠ ᠡᠬᠢᠯᠡᠭᠰᠡᠨ ᠰᠣᠶᠣᠯ ᠤᠨ ᠶᠡᠭᠡ ᠬᠤᠪᠢᠰᠬᠠᠯ ᠨᠢ ᠪᠤᠷᠬᠠᠨ ᠨᠣᠮ ᠢ ᠰᠢᠲᠠᠭᠠᠵᠦ᠂ ᠰᠦᠮ᠎ᠡ ᠶᠢᠨ ᠬᠠᠭᠤᠴᠢᠨ ᠡᠳ᠋ ᠬᠤᠭᠰᠢᠯ᠂ ᠲᠠᠬᠢᠯ ᠤᠨ ᠪᠠᠭᠠᠵᠢ᠂ ᠪᠤᠷᠬᠠᠨ ᠤ ᠬᠥᠷᠥᠭ ᠵᠢᠷᠤᠭ᠂ ᠱᠤᠭᠤᠮᠠᠯ ᠵᠡᠷᠭᠡ ᠶᠢ ᠪᠦᠬᠦᠨ ᠢ ᠪᠠᠯᠪᠠᠴᠢᠨ ᠰᠦᠢᠳᠭᠡᠵᠦ᠂ ᠯᠤᠤᠶᠧ ᠶᠢᠨ ᠰᠦᠮ᠎ᠡ ᠳᠡᠭᠡᠷ᠎ᠡ ᠴᠤ ᠬᠤᠷᠠᠯ ᠨᠣᠮ ᠬᠤᠷᠠᠬᠤ ᠠᠷᠭ᠎ᠠ ᠦᠭᠡᠢ ᠪᠤᠯᠵᠤ ᠪᠦᠷᠢᠮᠦᠰᠦᠨ ᠵᠤᠭᠰᠤᠵᠠᠢ᠃ ᠪᠢ ᠡᠨᠡ ᠦᠶ᠎ᠡ ᠳᠤ ᠳᠤᠮᠳᠠᠳᠤ ᠰᠤᠷᠭᠠᠭᠤᠯᠢ ᠳᠤ ᠪᠢᠴᠢᠭ ᠦᠵᠡᠵᠦ ᠪᠠᠶᠢᠭᠰᠠᠨ ᠣᠴᠢᠷ ᠠᠴᠠ᠂ ᠦᠳᠡ ᠶᠢᠨ ᠬᠤᠭᠤᠯᠠᠨ ᠤ ᠳᠠᠷᠠᠭ᠎ᠠ ᠯᠤᠤᠶᠧ ᠶᠢᠨ ᠰᠦᠮ᠎ᠡ ᠳᠡᠭᠡᠷ᠎ᠡ ᠣᠴᠢᠬᠤ ᠳᠤ ᠪᠠᠯᠪᠠᠴᠢᠵᠤ ᠳᠡᠯᠪᠡᠴᠢᠭᠰᠡᠨ ᠪᠠᠶᠢᠳᠠᠯ ᠢ ᠦᠪᠡᠷ ᠤᠨ ᠨᠢᠳᠦ ᠪᠠᠷ ᠢᠶᠠᠨ ᠬᠠᠷᠠᠭᠰᠠᠨ ᠶᠤᠮ᠃1978 ᠣᠨ ᠤ ᠵᠢᠯ ᠤᠨ ᠡᠴᠦᠰ ᠢᠶᠠᠷ᠂ ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠥᠬᠦᠳᠡ ᠬᠤᠷᠠᠯ ᠬᠤᠷᠠᠯᠳᠣᠭᠰᠠᠨ ᠠᠴᠠ ᠱᠠᠰᠢᠨ ᠤ ᠲᠦᠷᠦ ᠶᠢᠨ ᠪᠣᠳᠣᠯᠭ᠎ᠠ ᠶᠢ ᠳᠠᠬᠢᠨᠲᠠ ᠨᠠᠶᠢᠳᠠᠪᠤᠷᠢᠵᠢᠭᠤᠯᠵᠤ᠂ ᠯᠠᠮ᠎ᠠ ᠨᠠᠷ ᠪᠠ ᠰᠦᠰᠦᠭᠲᠡᠨ ᠪᠣᠷᠬᠠᠨ ᠱᠠᠰᠢᠨ ᠢ ᠰᠢᠲᠦᠬᠦ ᠡᠷᠬᠡ ᠴᠢᠯᠦᠭᠡ ᠲᠠᠢ ᠪᠣᠯᠵᠤ᠂ ᠳᠠᠬᠢᠭᠠᠳ ᠬᠤᠷᠠᠯ ᠨᠣᠮ ᠬᠤᠷᠠᠬᠤ ᠵᠠᠪᠰᠢᠶᠠᠨ ᠲᠠᠢ ᠪᠣᠯᠣᠭᠰᠠᠨ ᠠᠴᠠ 1984 ᠣᠨ ᠳᠤ ᠬᠤᠪᠢ ᠬᠦᠮᠦᠨ ᠤ ᠭᠡᠷ ᠤᠨ ᠰᠦᠮ᠎ᠡ ᠳᠤ ᠨᠣᠮ ᠤᠨ ᠬᠤᠷᠠᠯ ᠢᠶᠠᠨ ᠰᠡᠷᠭᠦᠭᠡᠵᠡᠢ᠃1991 ᠣᠨ ᠳᠤ᠂ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ ᠬᠦᠷᠢᠶᠡᠨ ᠤ ᠠᠮᠤ ᠪᠤᠳᠠᠭᠠᠨ ᠤ ᠰᠠᠩ ᠢ ᠰᠢᠯᠵᠢᠭᠦᠯᠵᠦ᠂ 1992 ᠣᠨ ᠳᠤ ᠰᠦᠮ᠎ᠡ ᠶᠢ ᠳᠠᠬᠢᠨ ᠰᠡᠯᠪᠢᠵᠦ ᠵᠠᠰᠠᠬᠤ᠂ ᠴᠡᠪᠡᠷᠯᠡᠬᠦ ᠪᠠᠷ ᠳᠠᠮᠵᠢᠨ ᠨᠡᠭᠦᠵᠦ ᠣᠷᠣᠬᠤ ᠪᠠᠷ ᠪᠤᠯᠵᠤ᠂ ᠭᠠᠨᠵᠤᠤᠷ ᠳ᠋ᠠᠨᠵᠤᠤᠷ ᠤᠨ ᠰᠦᠮ᠎ᠡ ︵ᠵᠠᠨ ᠴᠠᠨ ᠳ᠋ᠢᠶᠠᠨ︶ ᠳᠤ ᠬᠤᠪᠢ ᠬᠦᠮᠦᠨ ᠤ ᠳᠤ ᠪᠠᠶᠢᠭᠰᠠᠨ ᠪᠤᠷᠬᠠᠨ ᠤ ᠬᠥᠷᠥᠭ ᠵᠢᠷᠤᠭ᠂ ᠨᠣᠮ ᠤᠨ ᠰᠢᠷᠡᠭᠡ᠂ ᠨᠣᠮ ᠬᠤᠷᠠᠯ ᠬᠤᠷᠠᠬᠤ ᠰᠠᠨᠳᠠᠯᠢ ᠰᠠᠭᠤᠳᠠᠯ᠂ ᠨᠣᠮ ᠤᠨ ᠬᠡᠷᠡᠭᠰᠡᠯ᠂ ᠨᠣᠮ ᠰᠤᠳᠤᠷ᠂ ᠳᠥᠭᠦᠮ ᠲᠦᠳᠡ ᠳᠠᠬᠢᠯᠭ᠎ᠠ ᠶᠢᠨ ᠬᠡᠷᠡᠭᠰᠡᠯ ᠵᠡᠷᠭᠡ ᠶᠢ ᠵᠦᠭᠡᠭᠡᠵᠦ ᠠᠪᠴᠢᠷᠠᠭᠠᠳ᠂ ᠨᠣᠮ ᠬᠤᠷᠠᠬᠤ ᠪᠣᠯᠵᠠᠢ᠃ᠲᠤᠬᠠᠢ ᠶᠢᠨ ᠦᠶ᠎ᠡ ᠳᠤ᠂ ᠰᠠᠶ᠋ᠢ ᠡᠬᠢᠯᠡᠭᠡᠳ ᠴᠦᠢᠵᠢᠵᠠᠯᠽᠠᠨ ᠪᠠᠭᠰᠢ ᠰᠦᠮ᠎ᠡ ᠶᠢ ᠬᠠᠮᠢᠶᠠᠷᠴᠤ᠂ ᠰᠢᠷᠡᠪᠨᠢᠮ᠎ᠠ᠂ ᠭᠠᠸᠠ᠂ ᠢᠰᠢᠨᠢᠮ᠎ᠠ᠂ ᠪᠠᠳᠮᠠᠷᠢᠨᠴᠢᠨ᠂ ᠴᠣᠶᠢᠵᠢᠵᠠᠪ ᠵᠡᠷᠭᠡ ᠯᠠᠮ᠎ᠠ ᠨᠠᠷ ᠪᠠᠶᠢᠵᠠᠢ᠃ ᠰᠡᠭᠦᠯᠡᠷ ᠨᠢ ᠴᠦᠢᠵᠢᠵᠠᠯᠽᠠᠨ ᠪᠠᠭᠰᠢ ᠨᠠᠰᠤ ᠠᠬᠢᠭᠰᠠᠨ ᠠᠴᠠ ᠰᠢᠷᠡᠪᠨᠢᠮ᠎ᠠ ᠪᠠᠭᠰᠢ ᠰᠦᠮ᠎ᠡ ᠶᠢ ᠬᠠᠮᠢᠶᠠᠷᠠᠬᠤ ᠪᠣᠯᠪᠠ᠃1993 ᠣᠨ ᠳᠤ᠂ ᠵᠣᠣ ᠶᠢᠨ ᠰᠦᠮ᠎ᠡ ᠳᠤ ︵ᠵᠠᠨ ᠴᠠᠨ ᠳ᠋ᠢᠶᠠᠨ︶ ᠽᠦᠩᠺᠧᠸ᠎ᠠ ᠪᠤᠷᠬᠠᠨ᠂ ᠳᠠᠯᠠᠢ ᠯᠠᠮᠠ᠂ ᠪᠠᠨᠴᠢᠨ ᠪᠤᠭᠲᠠ ᠶᠢᠨ ᠬᠦᠷᠦᠭ ᠢ ᠱᠤᠭᠤᠵᠤ ᠪᠦᠲᠦᠭᠡᠭᠡᠳ ᠠᠷᠤ ᠬᠤᠷᠴᠢᠨ ᠤ ᠭᠧᠮᠫᠢ ᠶᠢᠨ ᠰᠦᠮ᠎ᠡ ᠶᠢᠨ ᠶᠦᠩᠽᠦᠩ ᠬᠡᠭᠡᠨ ᠢ ᠵᠠᠯᠠᠵᠤ ᠪᠤᠷᠬᠠᠨ ᠤ ᠱᠣᠭᠤᠮᠠᠯ ᠢ ᠷᠠᠪᠨᠠᠶᠢᠯᠠᠬᠤ ᠶᠡᠭᠡ ᠨᠣᠮ ᠤᠨ ᠬᠤᠷᠠᠯ ᠬᠢᠵᠦ᠂ ᠱᠠᠰᠢᠨᠲᠡᠨ ᠮᠦᠷᠭᠦᠯᠴᠢᠳ᠂ ᠦᠭᠯᠢᠭᠡ ᠶᠢᠨ ᠡᠵᠡᠳ ᠣᠯᠠᠨ ᠴᠣᠭᠯᠠᠷᠠᠵᠠᠢ᠃1994 ᠣᠨ ᠳᠤ᠂ ᠵᠣᠣ ᠶᠢᠨ ᠰᠦᠮ᠎ᠡ ᠳᠤ ᠭᠠᠨᠵᠤᠤᠷ ᠳ᠋ᠠᠨᠵᠤᠤᠷ ᠤᠨ ᠶᠡᠭᠡ ᠬᠦᠯᠭᠡᠨ ᠰᠣᠳᠣᠷ ᠢ ᠵᠠᠯᠠᠵᠤ ᠢᠷᠡᠵᠡᠢ᠃ ᠭᠡᠪᠡᠴᠦ ᠬᠠᠮᠢᠭ᠎ᠠ ᠠᠴᠠ ᠵᠠᠯᠠᠵᠤ ᠢᠷᠡᠭᠰᠡᠨ ᠢ ᠲᠣᠲᠣᠷᠬᠠᠢ ᠮᠡᠳᠡᠬᠦ ᠦᠭᠡᠢ᠂ ᠤᠴᠢᠷ ᠨᠢ ᠪᠢ ᠲᠡᠷᠡ ᠦᠶ᠎ᠡ ᠳᠤ ᠰᠦᠮ᠎ᠡ ᠳᠤ ᠢᠷᠡᠭᠡᠳᠦᠢ ᠪᠠᠶᠢᠵᠡᠢ᠃︽ᠭᠠᠨᠵᠤᠤᠷ︾ ︽ᠳ᠋ᠠᠨᠵᠤᠤᠷ︾ ᠤᠨ ᠶᠡᠭᠡ ᠬᠦᠯᠭᠡᠨ ᠰᠣᠳᠣᠷ ᠢ ᠪᠠᠭᠯᠠᠬᠤ ᠦᠶᠡᠰ ᠲᠤ ᠶᠡᠭᠡ ᠬᠡᠮᠵᠢᠶᠡᠨ ᠤ ᠪᠥᠰ ᠳᠤᠷᠳᠤᠩ ᠬᠡᠷᠡᠭᠯᠡᠭᠰᠡᠨ ᠭᠡᠳᠡᠭ᠂ ᠮᠢᠨᠤ ᠮᠦᠮᠦ ᠴᠤ ᠵᠣᠭᠤᠰ ᠡᠷᠭᠦᠭᠰᠡᠨ ᠭᠡᠨ᠎ᠡ᠂ ᠵᠣᠭᠤᠰ ᠤᠨ ᠲᠤᠭ᠎ᠠ ᠶᠢ ᠮᠡᠳᠡᠬᠦ ᠦᠭᠡᠢ᠂ ᠬᠠᠨᠳᠢᠪ ᠡᠷᠭᠦᠭᠰᠡᠳ ᠤᠨ ᠨᠡᠷ᠎ᠡ ᠳᠤ ᠮᠢᠨᠦ ᠮᠦᠮᠦ ᠶᠢᠨ ᠨᠡᠷ᠎ᠡ ᠪᠠᠰᠠ ᠪᠠᠶᠢᠨ᠎ᠠ᠃1996 ᠣᠨ ᠤ ᠬᠠᠪᠤᠷ᠂ ᠰᠣᠭᠴᠢᠨ ᠲᠣᠭᠠᠩ ᠢ ᠵᠠᠰᠠᠵᠣ ᠰᠢᠨᠡᠳᠭᠡᠭᠡᠳ᠂ ᠭᠠᠨᠳᠢᠭ ᠴᠢᠯᠠᠭᠤ ᠪᠠᠷ ᠱᠤᠭᠤᠭᠰᠠᠨ ᠱᠠᠭᠵᠠᠮᠤᠨᠢ ᠪᠤᠷᠬᠠᠨ᠂ ᠠᠪᠢᠳᠠ ᠪᠤᠷᠬᠠᠨ᠂ ᠤᠳᠠᠴᠢ ᠪᠤᠷᠬᠠᠨ ᠵᠡᠷᠭᠡ ᠲᠠᠪᠤᠨ ᠪᠤᠷᠬᠠᠨ ᠵᠠᠯᠠᠵᠣ ᠢᠷᠡᠵᠡᠢ᠃ ᠡᠭᠦᠨ ᠠᠴᠠ ᠭᠠᠳᠠᠨ᠎ᠠ ᠰᠢᠪᠠᠷ ᠢᠶᠠᠷ ᠱᠣᠭᠤᠵᠣ ᠠᠯᠲᠠ ᠪᠠᠷ ᠦᠩᠭᠡᠯᠡᠭᠰᠡᠨ ᠠᠷᠪᠠᠨ ᠨᠠᠢᠮᠠᠨ ᠠᠷᠠᠬᠤᠨ ᠰᠢᠲᠦᠭᠡᠨ ᠬᠢᠭᠡᠳ ᠪᠤᠰᠤᠳ ᠪᠤᠷᠬᠠᠨ ᠤ ᠱᠣᠭᠤᠮᠠᠯ ᠢ ᠱᠣᠭᠤᠨ ᠪᠦᠲᠦᠭᠡᠵᠡᠢ᠃ ᠲᠤᠰ ᠵᠢᠯ ᠤᠨ ᠳᠣᠯᠣᠭᠠᠨ ᠰᠠᠷ᠎ᠠ ᠳᠤ᠂ ᠮᠠᠷᠠᠲᠣ ᠶᠢᠨ ᠣᠪᠣᠭᠠᠨ ᠲᠠᠬᠢᠯᠭ᠎ᠠ ᠶᠢᠨ ᠨᠠᠶᠢᠷ ᠬᠢᠭᠡᠳ‌‍ᠰᠦ᠋ᠮ᠎ᠡ ᠶᠢᠨ ᠬᠤᠷᠠᠯ ᠢ ᠵᠢᠷᠭᠤᠭᠠᠨ ᠡᠳᠦᠷ ᠶᠠᠪᠣᠭᠳᠠᠭᠤᠯᠵᠣ᠂ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠶᠢᠨ ᠭᠡᠭᠡᠨ ᠪᠠᠭᠰᠢᠲᠠᠨ ᠵᠠᠮᠢᠶᠠᠨ ᠳᠣᠪᠳᠣᠨ᠂ ᠨᠣᠮ ᠤᠨ ᠪᠠᠭᠰᠢᠲᠠᠨ ᠷᠠᠰᠢᠷᠢᠨᠴᠢᠨ ᠵᠢᠴᠢ ᠪᠣᠰᠣᠳ ᠠᠷᠪᠠᠭᠠᠳ ᠯᠠᠮ᠎ᠠ ᠪᠠᠭᠰᠢ ᠨᠠᠷ ᠢ ᠵᠠᠯᠠᠵᠣ᠂ ᠪᠣᠷᠬᠠᠨ ᠤ ᠱᠣᠭᠤᠮᠠᠯ ᠢ ᠷᠠᠪᠨᠠᠶᠢᠯᠠᠭᠤᠯᠵᠣ᠂ ᠵᠢᠨᠰᠡᠷᠡᠭ ᠴᠢᠳᠬᠤᠵᠣ᠂ ᠨᠣᠮ ᠤᠨ ᠬᠤᠷᠠᠯ ᠬᠤᠷᠠᠭᠰᠠᠨ ᠪᠠ ᠦᠪᠡᠳᠡᠭᠰᠢ ᠬᠦᠭᠵᠢᠶᠡᠨ ᠲᠠᠢ ᠴᠠᠮ ᠤᠨ ᠪᠥᠵᠢᠭ ᠭᠠᠷᠭᠠᠭᠰᠠᠨ ᠶᠤᠮ᠃ ᠪᠢ ᠴᠤ ᠴᠠᠮ ᠤᠨ ᠪᠦᠵᠢᠭ ᠲᠤ ᠣᠷᠣᠯᠴᠠᠵᠠᠢ᠃1998 ᠣᠨ ᠳᠤ᠂ ᠱᠠᠨ ᠰᠢ ᠮᠤᠵᠢ ᠶᠢᠨ ᠤᠲᠠᠢ ᠠᠴᠠ ᠪᠤᠷᠬᠠᠨ ᠱᠣᠭᠤᠬᠤ ᠪᠠᠭᠰᠢ ᠵᠠᠯᠠᠵᠣ᠂ ᠮᠠᠬᠠᠷᠠᠨᠽᠠ ᠶᠢᠨ ᠲᠣᠭᠠᠩ ᠳᠤ ᠰᠢᠪᠠᠷ ᠢᠶᠠᠷ ᠳᠥᠷᠪᠡᠨ ᠮᠠᠬᠠᠷᠠᠨᠽᠠ ᠶᠢᠨ ᠱᠤᠭᠤᠮᠠᠯ ᠢ ᠪᠦᠲᠦᠭᠡᠵᠦ᠂ ᠪᠣᠰᠣᠳ ᠭᠠᠵᠠᠷ ᠠᠴᠠ ᠮᠠᠶᠢᠳᠠᠷᠢ ᠪᠣᠭᠲᠠ ᠶᠢᠨ ᠱᠣᠭᠤᠮᠠᠯ ᠢ ᠵᠠᠯᠠᠵᠣ ᠰᠠᠭᠤᠯᠭᠠᠭᠠᠳ᠂ ᠨᠠᠮᠣᠷ ᠤᠨ ᠳᠣᠮᠳᠠ ᠰᠠᠷ᠎ᠠ ᠳᠤ᠂ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠶᠢᠨ ᠭᠡᠭᠡᠨ ᠪᠠᠭᠰᠢ ᠵᠠᠮᠢᠶᠠᠨ ᠳᠣᠪᠳᠣᠨ᠂ ᠨᠣᠮ ᠤᠨ ᠪᠠᠭᠰᠢ ᠷᠠᠰᠢᠷᠢᠨᠴᠢᠨ ᠪᠠᠭᠰᠢ ᠵᠡᠷᠭᠡ ᠠᠷᠪᠠ ᠭᠠᠷᠣᠢ ᠯᠠᠮ᠎ᠠ ᠪᠠᠭᠰᠢ ᠶᠢ ᠵᠠᠯᠠᠵᠣ᠂ ᠨᠤᠮ ᠤᠨ ᠬᠤᠷᠠᠯ ᠬᠤᠷᠠᠵᠣ ᠷᠠᠪᠨᠠᠶᠢᠯᠠᠭ᠎ᠠ ᠪᠦᠲᠦᠭᠡᠯᠭᠡ ᠬᠢᠯᠭᠡᠵᠡᠢ᠃ ᠡᠨᠡ ᠤᠳᠠᠭᠠᠨ ᠤ ᠨᠣᠮ ᠤᠨ ᠬᠤᠷᠠᠯ ᠳᠡᠭᠡᠷ᠎ᠡ᠂ ᠶᠡᠭᠡ ᠪᠠᠭᠰᠢ ᠰᠢᠷᠡᠪᠨᠢᠮ᠎ᠠ ᠨᠠᠳᠠ ᠳᠤ ᠨᠢᠭᠡ ᠪᠡᠶ᠎ᠡ ᠰᠢᠨ᠎ᠡ ᠬᠤᠪᠴᠠᠰᠤ ᠪᠡᠯᠭᠡᠯᠡᠵᠦ᠂ ᠰᠣᠭᠴᠢᠨ ᠲᠣᠭᠠᠩ ᠤᠨ ᠠᠷᠤ ᠲᠠᠯ᠎ᠠ ᠶᠢᠨ ᠬᠤᠶᠠᠷ ᠰᠦᠮ᠎ᠡ ᠶᠢᠨ ᠲᠣᠭᠠᠩ ᠢ ᠬᠠᠮᠢᠶᠠᠷᠤᠭᠤᠯᠪᠠ᠃ ᠲᠤᠰ ᠣᠳᠠᠭ᠎ᠠ ᠴᠦ ᠣᠷᠣᠯᠴᠠᠭᠰᠠᠨ ᠬᠦᠮᠦᠨ ᠤ ᠲᠤᠭ᠎ᠠ ᠪᠠᠷ ᠨᠡᠯᠢᠶᠡᠳ ᠠᠷᠪᠢᠨ᠂ ᠬᠡᠪᠴᠢᠶ᠎ᠡ  ᠪᠠᠷ ᠨᠡᠯᠢᠶᠡᠳ ᠶᠡᠭᠡ ᠴᠠᠮ ᠤᠨ ᠪᠥᠵᠢᠭ ᠪᠦᠵᠢᠭᠯᠡᠭᠰᠡᠨ ᠳᠤ᠂ ᠮᠢᠨᠦ ᠬᠤᠪᠢ ᠬᠦᠮᠦᠨ ᠪᠠᠰᠠ ᠣᠷᠣᠯᠴᠠᠵᠠᠢ᠃ᠭᠤᠷᠪᠠ᠂ ᠪᠣᠳᠢ ᠰᠡᠳᠭᠢᠯ ᠢᠶᠠᠷ ᠰᠦᠮ᠎ᠡ ᠭᠡᠶᠢᠳ ᠨᠡᠶᠢᠭᠡᠮ ᠨᠡᠶᠢᠲᠡ ᠳᠤ ᠰᠠᠶᠢᠨ ᠶᠠᠪᠣᠳᠠᠯ ᠬᠢᠵᠦ ᠬᠠᠪᠰᠣᠷᠣᠨ ᠳᠡᠮᠵᠢᠭᠰᠡᠨ ᠣᠶᠢᠯᠡ ᠶᠠᠪᠣᠳᠠᠯᠰᠦᠮ᠎ᠡ ᠬᠡᠶᠢᠳ ᠢ ᠵᠠᠰᠠᠵᠣ ᠰᠡᠯᠪᠢᠬᠦ ᠪᠠ ᠰᠢᠨᠡᠳᠭᠡᠨ ᠪᠠᠶᠢᠭᠤᠯᠬᠤ ᠳᠤ ᠬᠠᠪᠰᠣᠷᠣᠭᠰᠠᠨ ᠲᠠᠯ᠎ᠠ ᠪᠠᠷ᠄⒈ ᠯᠢᠶᠣᠤᠨᠢᠩ ᠮᠤᠵᠢ ᠶᠢᠨ ᠯᠢᠩᠶᠤᠸᠠᠨ ᠬᠤᠳᠠ ᠶᠢᠨ ᠲᠦᠮᠡᠨ ᠦᠯᠵᠡᠶᠢᠲᠦ ᠰᠦᠮ᠎ᠡ ᠳᠤ 1000 ᠲᠥᠭᠦᠷᠢᠭ ᠬᠠᠨᠳᠢᠪᠯᠡᠪᠠ᠃⒉ ᠨᠢᠩᠴᠧᠩ ᠰᠢᠶᠠᠨ ᠤ ᠳᠣᠣᠷ᠎ᠠ ᠬᠤᠷᠤᠭ᠎ᠠ ᠪᠠᠯᠭᠠᠰᠤᠨ ᠤ ᠲᠦᠭᠡᠮᠡᠯ ᠦᠯᠵᠡᠶᠢᠲᠦ ᠰᠦᠮ᠎ᠡ ᠳᠡᠭᠡᠷ᠎ᠡ 1500 ᠲᠥᠭᠦᠷᠢᠭ ᠤᠨ ᠮᠥᠩᠭᠦ ᠬᠠᠨᠳᠢᠪᠯᠡᠪᠠ᠃⒊ ᠨᠢᠩᠴᠧᠩ ᠰᠢᠶᠠᠨ ᠤ ᠭᠤᠷᠪᠠᠨ ᠣᠪᠣᠭ᠎ᠠ ᠪᠠᠯᠭᠠᠰᠤᠨ ᠤ ᠭᠤᠷᠪᠠᠨ ᠣᠪᠣᠭ᠎ᠠ ᠭᠠᠴᠠᠭᠠᠨ ᠳᠠᠬᠢ ᠯᠣᠣᠶᠧ ᠶᠢᠨ ᠰᠦᠮ᠎ᠡ ᠳᠤ 1000 ᠲᠥᠭᠦᠷᠢᠭ ᠬᠠᠨᠳᠢᠪᠯᠡᠪᠠ᠃⒋ ᠯᠢᠶᠣᠤᠨᠢᠩ ᠮᠤᠵᠢ ᠶᠢᠨ ᠬᠣ᠋ ᠯᠦ ᠳ᠋ᠣᠣ ᠠᠷᠡᠯ ᠤᠨ ᠰᠦᠮ᠎ᠡ ᠳᠡᠭᠡᠷ᠎ᠡ 500 ᠲᠥᠭᠦᠷᠢᠭ ᠬᠠᠨᠳᠢᠪᠯᠡᠪᠠ᠃⒌ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠳᠤ 1000 ᠲᠥᠭᠦᠷᠢᠭ ᠬᠠᠨᠳᠢᠪᠯᠡᠪᠠ᠃⒍ ᠱᠠᠨ ᠰᠢ ᠶᠢᠨ ᠣᠲᠠᠢ ᠳᠤ 1000 ᠲᠥᠭᠦᠷᠢᠭ ᠬᠠᠨᠳᠢᠪᠯᠡᠪᠠ᠃⒎ ᠨᠢᠩᠴᠧᠩ ᠰᠢᠶᠠᠨ ᠤ ᠪᠢᠰᠠᠷ ᠪᠠᠯᠭᠠᠰᠤᠨ ᠤ ᠲᠣᠭᠤᠯᠭᠠᠲᠣ ᠶᠢᠨ ᠠᠭᠤᠢ ᠶᠢᠨ ᠰᠦᠮ᠎ᠡ ᠳᠤ ᠨᠡᠪᠲᠡᠷᠡᠬᠦ ᠵᠠᠮ ᠵᠠᠰᠠᠬᠤ ᠳᠤ 5000 ᠲᠥᠭᠦᠷᠢᠭ ᠬᠠᠨᠳᠢᠪᠯᠡᠪᠠ᠃⒏ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ ᠮᠠᠬᠠᠷᠠᠨᠽᠠ ᠶᠢᠨ ᠳᠤᠭᠠᠩ ᠤᠨ ᠭᠠᠵᠠᠷ ᠢ ᠰᠢᠨ᠎ᠡ ᠪᠠᠷ ᠳᠡᠪᠢᠰᠬᠦ ᠳᠤ 6000 ᠲᠥᠭᠦᠷᠢᠭ ᠬᠠᠨᠳᠢᠪᠯᠡᠪᠠ ᠃⒐ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ ᠭᠡᠷ ᠤᠨ ᠣᠷᠣᠢ ᠶᠢᠨ ᠸᠠᠭᠠᠷ ᠢ ᠰᠢᠨ᠎ᠡ ᠪᠣᠳᠤᠭ ᠣᠷᠣᠭᠤᠯᠬᠤ  ᠳᠤ 70000 ᠲᠥᠭᠦᠷᠢᠭ ᠬᠠᠨᠳᠢᠪᠯᠡᠪᠠ᠃⒑ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ ᠵᠠᠨ ᠴᠠᠨ ᠳ᠋ᠢᠶᠠᠨ ᠲᠣᠭᠠᠩ ᠤᠨ ᠽᠦᠩᠺᠧᠸ᠎ᠠ ᠪᠤᠷᠬᠠᠨ ᠤ ᠱᠣᠭᠤᠮᠠᠯ ᠤᠨ ᠡᠮᠦᠨᠡᠬᠢ ᠰᠢᠷᠡᠭᠡ ᠶᠢ ᠰᠢᠨ᠎ᠡ ᠪᠠᠷ ᠬᠢᠭᠰᠡᠨ ᠳᠤ 5000 ᠲᠥᠭᠦᠷᠢᠭ ᠬᠠᠨᠳᠢᠪᠯᠡᠪᠠ᠃⒒ ᠮᠠᠨᠳᠠᠷᠠᠸ᠎ᠠ ᠴᠡᠴᠡᠭ ᠤᠨ ᠬᠦᠷᠢᠶᠡᠯᠡᠭᠰᠡᠨ ᠬᠡᠷᠡᠮ ᠢ ᠰᠢᠨᠡᠳᠭᠡᠵᠦ ᠶᠡᠬᠡᠰᠭᠡᠵᠦ ᠪᠠᠷᠢᠭᠠᠳ 5000 ᠲᠥᠭᠦᠷᠢᠭ ᠬᠠᠨᠳᠢᠪᠯᠡᠪᠠ᠃⒓ ᠦᠯᠵᠡᠶᠢᠲᠦ ᠨᠣᠮ ᠤᠨ ᠬᠦᠷᠳᠦᠲᠦ ᠰᠦᠮ᠎ᠡ ᠳᠤ ᠨᠡᠭᠦᠷᠡᠰᠦ ᠲᠡᠭᠡᠭᠡᠬᠦ ᠳᠤ 7000 ᠲᠥᠭᠦᠷᠢᠭ ᠬᠠᠨᠳᠢᠪᠯᠡᠪᠠ᠃⒔ ᠬᠤᠶᠠᠷ ᠬᠦᠵᠢ ᠶᠢᠨ ᠵᠤᠤᠬ᠎ᠠ ︵ᠱᠠᠩ ᠯᠸᠣ︶  ᠵᠠᠯᠠᠵᠤ 25000 ᠲᠥᠭᠦᠷᠢᠭ ᠲᠣᠰᠠᠯᠠᠪᠠ᠃ ᠡᠭᠦᠨ ᠠᠴᠠ ᠭᠠᠳᠠᠨ᠎ᠠ᠂ ᠵᠢᠯ ᠪᠦᠷᠢ ᠶᠢᠨ ᠴᠠᠭᠠᠨ ᠰᠠᠷ᠎ᠠ ᠶᠢᠨ ᠢᠷᠣᠭᠡᠯ ᠤᠨ ᠬᠤᠷᠠᠯ ᠳᠡᠭᠡᠷ᠎ᠡ᠂ ᠨᠣᠮ ᠤᠨ ᠵᠢᠳ ᠪᠠᠷᠢᠵᠣ 1000 ᠲᠥᠭᠦᠷᠢᠭ ᠡᠷᠭᠦᠳᠡᠭ᠂ ᠵᠢᠯ ᠪᠦᠷᠢ ᠨᠢᠭᠡ ᠣᠳᠠᠭ᠎ᠠ ᠰᠦᠮ᠎ᠡ ᠳᠤ ᠴᠠᠪ ᠴᠠᠢ ᠪᠠᠷᠢᠵᠣ 500 ᠲᠥᠭᠦᠷᠢᠭ ᠬᠡᠷᠡᠭᠯᠡᠳᠡᠭ᠃ ᠣᠷᠴᠢᠮ ᠤᠨ ᠭᠤᠷᠪᠠᠨ ᠵᠢᠯ ᠳᠤ᠂ ᠦᠪᠡᠷ ᠤᠨ ᠰᠦᠮ᠎ᠡ ᠳᠡᠭᠡᠷ᠎ᠡ ᠪᠠᠨ ︵ᠦᠯᠵᠡᠶᠢᠲᠦ ᠨᠣᠮ ᠤᠨ ᠬᠦᠷᠳᠦᠲᠦ ᠰᠦᠮ᠎ᠡ︶ 12 ᠲᠦᠮᠡ ᠢᠯᠡᠭᠦᠦ ᠵᠤᠭᠤᠰ ᠬᠠᠨᠳᠢᠪᠯᠡᠵᠤ᠂ ᠰᠦᠮ᠎ᠡ ᠶᠢᠨ ᠵᠠᠰᠠᠨ ᠰᠡᠯᠪᠢᠬᠦ᠂ ᠪᠦᠲᠦᠭᠡᠨ ᠪᠠᠶᠢᠭᠤᠯᠣᠯᠲᠠ ᠪᠠ ᠬᠦᠭᠵᠢᠯᠲᠡ ᠶᠢ ᠳᠡᠮᠵᠢᠭᠰᠡᠨ ᠪᠠᠶᠢᠨ᠎ᠠ᠃ᠨᠡᠶᠢᠭᠡᠮ ᠤᠨ ᠦᠢᠯᠡᠰ ᠤᠨ ᠲᠠᠯ᠎ᠠ ᠪᠠᠷ ᠪᠡᠯᠡᠭᠯᠡᠨ ᠬᠦᠷᠭᠡᠭᠰᠡᠨ ᠨᠢ᠄⒈ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 100 ᠵᠢᠯ ᠤᠨ ᠣᠶ ᠶᠢ ᠪᠡᠯᠭᠡᠯᠡᠬᠦ ᠳᠤ 1200 ᠲᠥᠭᠦᠷᠢᠭ ᠬᠠᠨᠳᠢᠪᠯᠡᠪᠠ᠃⒉ ᠠᠶᠢᠯ ᠤᠨ ᠳᠤᠮᠳᠠᠬᠢ ᠲᠡᠮᠦᠷ ᠬᠥᠭᠦᠷᠭᠡ ᠶᠢ ᠲᠠᠯᠪᠢᠬᠤ ᠳᠤ 500 ᠲᠥᠭᠦᠷᠢᠭ ᠬᠠᠨᠳᠢᠪᠯᠠᠪᠠ᠃⒊ ᠤᠯᠤᠰ ᠠᠴᠠ ᠢᠨᠳᠤᠨᠧᠰᠢᠶ᠎ᠠ ᠳᠤ ᠭᠠᠵᠠᠷ ᠬᠦᠳᠡᠯᠵᠦ ᠳᠠᠯᠠᠶ ᠶᠢᠨ ᠢᠰᠬᠡᠷᠦᠯᠲᠡ ᠪᠣᠯᠬᠤ ᠳᠤ ᠮᠠᠨ ᠤ ᠣᠯᠣᠰ ᠤᠨ ᠳᠡᠮᠵᠢᠬᠦ ᠠᠵᠢᠯᠯᠠᠭᠠᠨ ᠦᠷᠨᠢᠭᠦᠯᠦᠭᠰᠡᠨ ᠳᠤ 500 ᠲᠥᠭᠦᠷᠢᠭ ᠬᠠᠨᠳᠢᠪᠯᠠᠪᠠ᠃⒋ ᠴᠧᠨ ᠰᠢᠶᠣᠣ ᠲᠢᠶᠠᠨ ᠨᠥᠬᠦᠷ ᠤᠨ ᠳᠠᠩᠰᠠᠯᠠᠵᠣ ᠲᠡᠮᠳᠡᠭᠯᠡᠭᠦᠯᠦᠭᠰᠡᠨ ᠡᠷᠳᠡᠨᠢ ᠮᠣᠩᠭᠤᠯ ᠰᠣᠶᠣᠯ ᠤᠨ ᠠᠵᠢᠯᠯᠠᠭᠠᠨ ᠤ ᠲᠥᠪ᠂ ᠥᠪᠥᠷ ᠮᠣᠩᠭᠤᠯ ᠤᠨ ᠴᠡᠩᠭᠡᠯᠲᠡᠢ ᠮᠣᠩᠭᠤᠯ ᠬᠡᠯᠡ ᠰᠣᠶᠣᠯ ᠤᠨ ᠰᠠᠭᠤᠷᠢ ᠮᠥᠩᠭᠦᠨ ᠤ ᠨᠡᠶᠢᠭᠡᠮᠯᠢᠭ᠂ ᠮᠠᠷᠠᠲᠣ ᠶᠢᠨ ᠪᠦᠷᠢᠨ ᠪᠠᠭ᠎ᠠ ᠰᠤᠷᠭᠠᠭᠤᠯᠢ ᠵᠡᠷᠭᠡ ᠳᠤ ᠮᠣᠩᠭᠤᠯ ᠰᠣᠶᠣᠯ ᠤᠨ ᠠᠵᠢᠯᠯᠠᠭᠠᠨ ᠦᠷᠨᠢᠭᠦᠯᠬᠦ ᠳᠤ 7000 ᠲᠥᠭᠦᠷᠢᠭ ᠳᠡᠮᠵᠢᠵᠡᠢ᠃ ᠡᠨᠡ ᠭᠤᠷᠪᠠᠨ ᠭᠠᠵᠠᠷ ᠠᠴᠠ ᠨᠠᠳᠠ ᠳᠤ ᠬᠡᠮᠡᠷᠯᠢᠭ ᠲᠤᠭ ᠬᠦᠷᠭᠡᠵᠦ ᠲᠠᠯᠠᠷᠬᠠᠭᠰᠠᠨ ᠪᠠ ᠵᠣᠷᠢᠭᠵᠢᠭᠤᠯᠵᠠᠢ᠃ᠡᠭᠦᠨ ᠠᠴᠠ ᠭᠠᠳᠠᠨ᠎ᠠ᠂ ᠠᠶᠢᠯ ᠠᠶᠢᠮᠠᠭ ᠤᠨ ᠲᠣᠮᠣᠭᠠᠳᠠᠨ᠂ ᠬᠠᠮᠲᠤ ᠰᠣᠷᠣᠭᠴᠢ᠂ ᠰᠦᠮ᠎ᠡ ᠳᠤ ᠬᠠᠪᠰᠣᠷᠳᠠᠭ ᠰᠦᠰᠦᠭᠲᠡᠨ ᠨᠠᠷ ᠡᠪᠡᠳᠴᠢᠨ ᠵᠣᠪᠠᠯᠠᠩ ᠲᠠᠢ ᠪᠣᠯᠪᠠᠯ᠂ ᠡᠰᠡᠬᠦᠯ᠎ᠡ ᠪᠣᠷᠬᠠᠨ ᠤ ᠣᠷᠣᠨ ᠳᠠᠭᠠᠨ ᠶᠠᠪᠣᠭᠰᠠᠨ ᠢ ᠰᠣᠨᠣᠰᠣᠪᠠᠯ ᠪᠦᠷ ᠭᠠᠷ ᠬᠤᠭᠤᠰᠣᠨ ᠭᠠᠷᠭᠠᠳᠠᠭ ᠦᠭᠡᠢ ᠪᠣᠯᠭᠤᠭᠠᠵᠣ ᠦᠵᠡᠳᠡᠭ᠃ ᠡᠭᠦᠨ ᠤ ᠬᠠᠮᠲᠤ᠂ ᠬᠡᠣᠬᠡᠳ ᠤᠳ ᠵᠢᠯ ᠴᠠᠭᠠᠨ ᠰᠠᠷ᠎ᠠ ᠰᠦᠮ᠎ᠡ ᠳᠡᠭᠡᠷ᠎ᠡ ᠨᠠᠭᠠᠳᠣᠬᠤ ᠪᠠᠷ ᠪᠣᠶᠣ ᠦᠵᠡᠬᠦ ᠪᠠᠷ ᠢᠷᠡᠬᠦ ᠳᠤ᠂ ᠨᠠᠰᠤ ᠨᠡᠮᠡᠵᠦ ᠦᠭᠡᠳᠡ ᠡᠰᠡᠷᠡᠭ ᠶᠠᠪᠣᠭᠠᠷᠠᠢ ᠭᠡᠵᠦ ᠰᠢᠨ᠎ᠡ ᠶᠢᠨ ᠪᠡᠯᠡᠭ ᠵᠣᠭᠤᠰ ᠠᠳᠬᠤᠭᠤᠯᠳᠠᠭ᠃ ᠡᠳᠡᠭᠡᠷ ᠢ ᠨᠢᠭᠡᠳ ᠨᠢᠭᠡ ᠪᠠᠷ ᠲᠡᠮᠳᠡᠭᠯᠡᠵᠦ ᠴᠡᠭᠡᠵᠢᠯᠡᠭᠰᠡᠨ ᠦᠭᠡᠢ᠃ᠳᠥᠷᠪᠡ᠂ ᠲᠡᠭᠦᠰᠬᠡᠯ ᠪᠣᠶᠣ ᠲᠠᠯᠠᠷᠬᠠᠯ ᠤᠨ ᠦᠭᠡᠮᠢᠨᠦ ᠪᠡᠶ᠎ᠡ ᠰᠢᠭ᠋ ᠬᠡᠣᠬᠡᠳ ᠱᠣᠬᠤᠳ ᠠᠷᠪᠢᠨ ᠲᠠᠢ ᠬᠦᠳᠡᠭᠡ ᠶᠢᠨ ᠶᠠᠳᠠᠭᠤᠯᠢᠭ ᠪᠣᠷᠣ ᠲᠠᠷᠢᠶᠠᠴᠢᠨ ᠤ ᠭᠡᠷ ᠲᠤ ᠲᠦᠷᠦᠵᠦ ᠦᠰᠦᠭᠰᠡᠨ ᠬᠦᠮᠦᠨ ᠳᠤ ᠠᠪᠴᠣ ᠬᠡᠯᠡᠪᠡᠯ᠂ ᠨᠢᠭᠡ ᠨᠠᠰᠣᠨ ᠳᠠᠭᠠᠨ ᠮᠦᠷᠦ ᠪᠦᠲᠦᠨ᠂ ᠭᠡᠳᠡᠰᠦ ᠴᠠᠳᠬᠤᠯᠠᠩ᠂ ᠰᠣᠷᠬᠤ ᠠᠴᠠ ᠮᠣᠩᠭᠤᠯ ᠬᠢᠲᠠᠳ ᠪᠢᠴᠢᠭ ᠲᠠᠢ᠂ ᠵᠠᠷᠣᠬᠤ ᠠᠴᠠ ᠵᠣᠭᠤᠰ ᠵᠤᠭ᠎ᠠ ᠲᠠᠢ᠂ ᠦᠪᠡᠷ ᠤᠨ ᠢᠲᠡᠭᠡᠯ ᠰᠦᠰᠦᠭ ᠢᠶᠠᠷ ᠢᠶᠠᠨ ᠠᠮᠢᠳᠣᠷᠠᠬᠤ ᠰᠦᠮ᠎ᠡ ᠭᠡᠶᠢᠳ ᠲᠠᠢ ᠪᠣᠯᠭᠠᠭᠰᠠᠨ ᠪᠣᠯ ᠪᠦᠷ ᠰᠢᠨ᠎ᠡ ᠳᠤᠮᠳᠠᠳᠤ ᠤᠯᠤᠰ ᠂ ᠰᠢᠨ᠎ᠡ ᠨᠡᠶᠢᠭᠡᠮ ᠤᠨ ᠰᠠᠶᠢᠨ᠂ ᠡᠪ ᠬᠠᠮᠲᠤ ᠨᠠᠮ ᠤᠨ ᠰᠠᠶᠢᠨ᠂ ᠰᠢᠨ᠎ᠡ ᠴᠠᠭ ᠦᠶ᠎ᠡ ᠶᠢᠨ ᠰᠠᠶᠢᠨ ᠢᠶᠠᠷ ᠪᠢᠯᠡ᠃ ᠡᠳᠡᠭᠡᠷ ᠪᠣᠯ ᠨᠠᠮ ᠪᠠ ᠣᠯᠣᠰ ᠤᠨ ᠱᠠᠰᠢᠨ ᠰᠣᠷᠲᠠᠬᠤᠨ ᠴᠢᠯᠦᠭᠡᠲᠡᠢ ᠪᠠᠶᠢᠬᠤ ᠲᠦᠷᠦ ᠶᠢᠨ ᠪᠣᠳᠣᠯᠭ᠎ᠠ ᠶᠢᠨ ᠠᠴᠢ ᠭᠠᠪᠢᠶ᠎ᠠ᠂ ᠨᠠᠮ ᠵᠠᠰᠠᠭ ᠠᠴᠠ ᠳᠡᠮᠵᠢᠵᠦ ᠬᠠᠷᠠᠭᠠᠯᠵᠠᠭᠰᠠᠨ ᠤ ᠰᠠᠶᠢᠨ ᠢᠶᠠᠷ ᠶᠣᠮ᠃ ᠮᠦᠨ ᠴᠤ ᠮᠠᠨ ᠤ ᠰᠦᠮ᠎ᠡ ᠶᠢᠨ ᠣᠳᠣᠷᠢᠳᠣᠯᠭ᠎ᠠ ᠪᠠ ᠠᠬᠠᠮᠠᠳ ᠨᠢᠭᠡ ᠦᠶ᠎ᠡ ᠶᠢᠨ ᠪᠠᠭᠰᠢ ᠨᠠᠷ᠂ ᠣᠳᠣ ᠶᠢᠨ ᠵᠠᠯᠠᠭᠤ ᠪᠠᠭᠰᠢ ᠨᠠᠷ ᠤᠨ ᠬᠠᠯᠠᠭᠤᠨ ᠳᠡᠮᠵᠢᠯᠭᠡ ᠬᠠᠪᠰᠣᠷᠣᠯᠭ᠎ᠠ ᠶᠢᠨ ᠰᠠᠶᠢᠨ ᠢᠶᠠᠷ ᠶᠤᠮ᠃ ᠠᠴᠢ ᠭᠠᠪᠢᠶ᠎ᠠ᠂ ᠠᠴᠢ ᠬᠠᠷᠢᠭᠤᠯᠲᠠ ᠶᠢ ᠴᠢᠨᠢ ᠬᠡᠵᠢᠶ᠎ᠡ ᠴᠤ ᠮᠠᠷᠲᠠᠬᠤ ᠦᠭᠡᠢ᠂ ᠬᠡᠵᠢᠶᠡᠳᠡ ᠪᠠᠲᠤ ᠴᠡᠭᠡᠵᠢᠯᠡᠵᠦ ᠶᠠᠪᠤᠨ᠎ᠠ᠃ᠡᠭᠦᠨ ᠤ ᠬᠠᠮᠲᠤ᠂ ᠪᠢ ᠪᠠᠰᠠ ᠥᠷᠭᠡᠨ ᠤᠯᠠᠨ ᠮᠦᠷᠭᠦᠯᠴᠢᠨ ᠰᠦᠰᠦᠭᠲᠡᠨ᠂ ᠥᠭᠯᠢᠭᠡ ᠶᠢᠨ ᠡᠵᠡᠳ᠂ ᠰᠠᠶᠢᠬᠠᠨ ᠰᠡᠳᠭᠢᠯᠲᠣ ᠨᠡᠶᠢᠭᠡᠮ ᠤᠨ ᠡᠯ᠎ᠡ ᠡᠲᠡᠭᠡᠳ ᠤᠨ ᠬᠦᠮᠦᠰ ᠲᠤ ᠲᠠᠯᠠᠷᠬᠠᠵᠤ ᠪᠠᠶᠢᠭ᠎ᠠ ᠰᠡᠳᠭᠢᠯ ᠢᠶᠠᠨ ᠢᠯᠡᠳᠭᠡᠵᠦ ᠪᠠᠶᠢᠨ᠎ᠠ᠃ᠮᠢᠨᠦ ᠰᠦᠮ᠎ᠡ ᠳᠤ ᠡᠷᠭᠦᠭᠰᠡᠨ᠂ ᠭᠠᠳᠠᠨᠠᠬᠢ ᠭᠠᠵᠠᠷ ᠤᠨ ᠰᠦᠮ᠎ᠡ ᠬᠡᠶᠢᠳ ᠢ ᠳᠡᠮᠵᠢᠭᠰᠡᠨ᠂ ᠨᠡᠶᠢᠭᠡᠮ ᠨᠡᠶᠢᠲᠡ ᠳᠤ ᠰᠠᠶᠢᠨ ᠬᠡᠷᠡᠭ ᠬᠢᠵᠦ ᠬᠠᠨᠳᠢᠪᠯᠠᠭᠰᠠᠨ ᠵᠣᠭᠤᠰ ᠪᠣᠯ ᠮᠢᠨᠦ ᠣᠯᠠᠨ ᠵᠢᠯ ᠬᠤᠷᠢᠶᠠᠵᠣ ᠬᠠᠳᠠᠭᠠᠯᠠᠭᠰᠠᠨ᠂ ᠵᠠᠷᠤᠯᠭ᠎ᠠ ᠪᠠᠨ ᠠᠷᠪᠢᠯᠠᠵᠤ ᠭᠠᠮᠨᠠᠭᠰᠠᠨ ᠵᠣᠭᠤᠰ ᠪᠤᠯᠤᠨ᠎ᠠ᠃ ᠡᠨᠡ ᠪᠣᠯ ᠮᠢᠨᠦ ᠭᠠᠪᠢᠶ᠎ᠠ ᠪᠢᠰᠢ᠂ ᠮᠢᠨᠦ ᠰᠠᠶᠢᠨ ᠪᠢᠰᠢ᠂ ᠡᠳᠦᠢ ᠵᠣᠭᠤᠰ ᠲᠠᠢ ᠪᠤᠯᠵᠤ᠂ ᠰᠦᠮ᠎ᠡ ᠭᠡᠶᠢᠳ ᠨᠡᠶᠢᠭᠡᠮ ᠨᠡᠶᠢᠲᠡ ᠳᠤ ᠰᠠᠶᠢᠨ ᠶᠠᠪᠤᠳᠠᠯ ᠬᠢᠵᠦ ᠪᠤᠶᠠᠨ ᠦᠢᠯᠡᠳᠬᠦ ᠬᠢᠷᠢ ᠴᠢᠳᠠᠯ ᠲᠠᠢ ᠪᠤᠯᠤᠭᠰᠠᠨ ᠮᠢᠨᠢ ᠪᠦᠷ ᠨᠠᠮ ᠪᠠ ᠤᠯᠤᠰ ᠤᠨ ᠰᠠᠶᠢᠨ᠂ ᠵᠠᠰᠠᠭ ᠤᠨ ᠣᠷᠳᠣᠨ ᠤ ᠰᠠᠶᠢᠨ᠂ ᠰᠦᠮ᠎ᠡ ᠤᠨ ᠰᠠᠶᠢᠨ᠂ ᠰᠦᠵᠢᠭᠲᠡᠨ᠂ ᠮᠦᠷᠭᠦᠯᠴᠢᠳ᠂ ᠥᠭᠯᠢᠭᠡ ᠶᠢᠨ ᠡᠵᠡᠳ ᠤᠨ ᠬᠠᠪᠰᠣᠷᠣᠨ ᠳᠡᠮᠵᠢᠭᠰᠡᠨ ᠤ ᠰᠠᠶᠢᠨ ᠶᠤᠮ᠃ ᠡ᠊ᠨᠳᠡ ᠪᠢ ᠳᠠᠬᠢᠨᠲᠠ ᠵᠠᠯᠪᠠᠷᠢᠨ ᠳᠠᠭᠠᠳᠬᠠᠵᠤ᠂ ᠲᠠᠯᠠᠷᠬᠠᠵᠤ ᠪᠠᠶᠢᠭ᠎ᠠ ᠰᠡᠳᠭᠢᠯ ᠢᠶᠠᠨ ᠳᠠᠬᠢᠨᠲᠠ ᠢᠯᠡᠳᠭᠡᠵᠦ ᠪᠠᠶᠢᠨ᠎ᠠ᠃ᠰᠣᠶᠣᠯ ᠤᠨ ᠬᠡᠮᠵᠢᠶ᠎ᠡ ᠳᠣᠷᠣᠢ ᠠᠴᠠ ᠪᠤᠯᠤᠭᠠᠳ᠂ ᠪᠤᠷᠤᠭᠤ ᠵᠦᠷᠢᠭᠦᠦ᠂ ᠵᠣᠬᠢᠰ ᠦᠭᠡᠢ ᠵᠦᠢᠯ ᠪᠠᠶᠢᠬᠤ ᠨᠢ ᠳᠠᠮᠵᠢᠭ ᠦᠭᠡᠢ᠂ ᠵᠠᠯᠠᠷᠠᠭᠤᠯᠵᠤ ᠤᠩᠰᠢᠬᠤ ᠪᠤᠯᠪᠠᠤ᠃                         ᠨᠢᠩᠴᠧᠩ ᠰᠢᠶᠠᠨ ᠤ ᠳᠡᠭᠡᠷ᠎ᠡ ᠬᠤᠷᠤᠭ᠎ᠠ ᠪᠠᠯᠭᠠᠰᠣᠨ ᠤ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ                                               ᠷᠢᠨᠴᠢᠨᠳᠣᠷᠵᠢ ᠠᠴᠠ                                             2022 ᠣᠨ ᠤ 9 ᠰᠠᠷ᠎ᠠ ᠳᠤ ᠪᠢᠴᠢᠪᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号