ᠨᠢᠩᠴᠧᠩ ᠰᠢᠶᠠᠨ ᠢᠳᠡᠭᠡᠨ ᠤᠮᠳᠠᠭᠠᠨ ᠤ ᠨᠢᠭᠡᠴᠡ ᠶᠢᠨ ᠰᠢᠲᠠᠮᠠᠬᠠᠢ ᠬᠡᠢ ᠶᠢᠨ ᠠᠮᠤᠷ ᠲᠦᠪᠰᠢᠨ ᠤ ᠬᠠᠮᠲᠤᠷᠠᠭᠰᠠᠨ ᠪᠠᠶᠢᠴᠠᠭᠠᠯᠲᠠ ᠥᠷᠨᠢᠭᠦᠯᠪᠡ
ᠨᠡᠶᠢᠲᠡᠯᠡᠭᠰᠡᠨ ᠴᠠᠭ᠄
2023/10/25
 ᠰᠢᠶᠠᠨ ᠤ ᠬᠡᠪᠴᠢᠶᠡᠨ ᠳᠠᠬᠢ ᠢᠳᠡᠭᠡᠨ ᠤᠮᠳᠠᠭᠠᠨ ᠤ ᠡᠵᠡᠩᠨᠡᠯᠲᠡ ᠶᠢᠨ ᠨᠢᠭᠡᠴᠡ ᠶᠢᠨ ᠰᠢᠲᠠᠮᠠᠬᠠᠢ ᠬᠡᠢ ᠶᠢᠨ ᠬᠡᠷᠡᠭᠯᠡᠯᠲᠡ ᠶᠢᠨ ᠠᠮᠤᠷ ᠲᠦᠪᠰᠢᠨ ᠤ ᠬᠠᠮᠢᠶᠠᠷᠤᠯᠲᠠ ᠶᠢ ᠦᠨᠡᠨ ᠬᠦ ᠳᠡᠭᠡᠭᠰᠢᠯᠡᠭᠦᠯᠵᠦ᠂ ᠬᠦᠨᠳᠦ ᠶᠡᠭᠡ ᠰᠢᠲᠠᠮᠠᠬᠠᠢ ᠬᠡᠢ ᠶᠢᠨ ᠠᠮᠤᠷ ᠲᠦᠪᠰᠢᠨ ᠤ ᠠᠶᠤᠯ ᠲᠦᠭᠰᠢᠭᠦᠷᠢ ᠶᠢᠨ ᠬᠡᠮ ᠰᠣᠭᠤᠭ ᠢ ᠪᠦᠲᠦᠮᠵᠢᠲᠡᠶ ᠰᠡᠷᠭᠡᠶᠢᠯᠡᠨ ᠠᠷᠢᠯᠭᠠᠬᠤ ᠶᠢᠨ ᠲᠥᠯᠥᠭᠡ᠂ ᠣᠶᠢᠷ᠎ᠠ ᠳᠤ᠂ ᠨᠢᠩᠴᠧᠩ ᠰᠢᠶᠠᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠭᠠᠯ ᠤᠨᠲᠠᠷᠠᠭᠠᠬᠤ᠂ ᠳᠣᠲᠣᠭᠠᠳᠤ ᠶᠢ ᠬᠠᠮᠠᠭᠠᠯᠠᠬᠤ᠂ ᠪᠠᠴᠢᠮ ᠪᠠᠶᠢᠳᠠᠯ ᠢ ᠠᠷᠭᠠᠴᠠᠬᠤ᠂ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠵᠡᠷᠭᠡ ᠰᠠᠯᠠᠭ᠎ᠠ ᠮᠥᠴᠢᠷ ᠲᠠᠢ ᠬᠠᠮᠲᠤᠷᠠᠨ ᠢᠳᠡᠭᠡᠨ ᠤᠮᠳᠠᠭᠠᠨ ᠤ ᠨᠢᠭᠡᠴᠡ ᠶᠢᠨ ᠰᠢᠲᠠᠮᠠᠬᠠᠢ ᠬᠡᠢ ᠶᠢᠨ ᠠᠮᠤᠷ ᠲᠦᠪᠰᠢᠨ ᠤ ᠲᠤᠰᠬᠠᠢ ᠪᠠᠶᠢᠴᠠᠭᠠᠯᠲᠠ ᠥᠷᠨᠢᠭᠦᠯᠪᠡ᠃  ᠡᠯ᠎ᠡ ᠢᠳᠡᠭᠡᠨ ᠤᠮᠳᠠᠭᠠᠨ ᠤ ᠨᠢᠭᠡᠴᠡ ᠶᠢᠨ ᠰᠢᠩᠭᠡᠨᠵᠢᠮᠡᠯ ᠴᠢᠯᠠᠭᠤᠨ ᠲᠣᠰᠣᠨ ᠤ ᠬᠡᠢ ᠶᠢᠨ ᠯᠣᠩᠬᠤᠨ ᠳᠤ ᠪᠣᠯᠣᠳ ᠲᠠᠮᠠᠭ᠎ᠠ ᠶᠢᠨ ᠮᠡᠳᠡᠭᠡ ᠵᠠᠩᠭᠢ ᠪᠦᠷᠢᠨ ᠪᠤᠰᠤ ᠪᠠᠶᠢᠬᠤ ᠡᠰᠡᠬᠦ᠂ ᠥᠮᠴᠢᠯᠡᠬᠦ ᠡᠷᠬᠡ ᠶᠢᠨ ᠨᠢᠭᠡᠴᠡ ᠶᠢᠨ ᠮᠡᠳᠡᠭᠡ ᠵᠠᠩᠭᠢ  ᠨᠢ ᠨᠢᠭᠡᠳᠦᠯ ᠦᠭᠡᠢ᠂ ᠡᠯᠧᠺᠲᠷᠣᠨ ᠲᠠᠨᠢᠨ ᠤᠩᠰᠢᠬᠤ ᠲᠡᠮᠳᠡᠭ ᠦᠭᠡᠢ᠂ ᠯᠣᠩᠬᠤᠨ ᠨᠡᠭᠡᠯᠡᠭᠡᠢ ᠳᠤ ᠡᠯᠧᠺᠲᠷᠣᠨ ᠱᠣᠰᠢᠭ᠎ᠠ ᠳᠤᠲᠠᠭᠳᠠᠵᠤ᠂ ᠯᠣᠩᠬᠤᠨ ᠨᠡᠭᠡᠯᠡᠭᠡᠢ ᠶᠢᠨ ᠭᠠᠷᠬᠤ ᠡᠭᠦᠳᠡᠨ ᠳᠤ ᠰᠣᠯᠢᠬᠤ ᠵᠠᠯᠭᠠᠭᠤᠷ ᠢ ᠬᠡᠷᠡᠭᠯᠡᠵᠦ᠂ ᠬᠡᠢ ᠶᠢᠨ ᠯᠣᠩᠬᠤ ᠬᠡᠷᠡᠭᠯᠡᠬᠦ ᠵᠢᠯ ᠬᠤᠭᠤᠴᠠᠭ᠎ᠠ ᠳᠤ ᠬᠦᠷᠦᠭᠰᠡᠨ᠂ ᠯᠣᠩᠬᠤᠨ ᠨᠡᠭᠡᠯᠡᠭᠡᠢ ᠳᠤ ᠥᠪᠡᠷ ᠢ ᠪᠠᠨ ᠪᠢᠲᠡᠭᠦᠮᠵᠢᠯᠡᠬᠦ ᠲᠥᠬᠦᠭᠡᠷᠦᠮᠵᠢ ᠳᠤᠲᠠᠭᠳᠠᠵᠤ ᠪᠠᠶᠢᠬᠤ ᠡᠰᠡᠬᠦ᠂ ᠡᠯᠧᠺᠲᠷᠣᠨ ᠬᠢᠷᠢ ᠲᠡᠩᠴᠡᠭᠰᠡᠨ ᠭᠡᠷᠡᠴᠢ ᠳᠤᠲᠠᠭᠳᠠᠵᠤ ᠪᠠᠶᠢᠬᠤ ᠡᠰᠡᠬᠦ᠂ ᠣᠨᠴᠠ ᠲᠥᠷᠥᠯ ᠤᠨ ᠲᠣᠨᠤᠭ ᠲᠥᠬᠦᠭᠡᠷᠦᠮᠵᠢ ᠶᠢᠨ ᠵᠥᠪᠰᠢᠶᠡᠷᠡᠯ ᠤᠨ ᠦᠨᠡᠮᠯᠡᠯ ᠪᠠᠶᠢᠬᠤ ᠡᠰᠡᠬᠦ᠂ ᠬᠠᠭᠤᠷᠮᠠᠭ ᠨᠡᠭᠡᠯᠡᠭᠡᠢ ᠬᠡᠷᠡᠭᠯᠡᠵᠦ ᠪᠠᠶᠢᠬᠤ ᠡᠰᠡᠬᠦ ᠵᠡᠷᠭᠡ ᠠᠰᠠᠭᠤᠳᠠᠯ ᠢ ᠭᠤᠣᠯᠳᠠᠯᠭ᠎ᠠ ᠲᠠᠢ ᠪᠠᠶᠢᠴᠠᠭᠠᠬᠤ ᠶᠢᠨ ᠬᠠᠮᠲᠤ᠂ ᠪᠠᠶᠢᠴᠠᠭᠠᠬᠤ ᠠᠵᠢᠯᠲᠠᠨ ᠲᠤᠬᠠᠢ ᠶᠢᠨ ᠲᠠᠯᠠᠪᠤᠷ ᠲᠤ ᠰᠢᠲᠠᠮᠠᠬᠠᠢ ᠬᠡᠢ ᠶᠢᠨ ᠲᠦᠭᠰᠢᠭᠦᠷᠢ ᠮᠡᠳᠡᠭᠡᠯᠡᠬᠦ ᠮᠠᠰᠢᠨ ᠢ ᠬᠡᠷᠬᠢᠨ ᠬᠡᠷᠡᠭᠯᠡᠬᠦ᠂ ᠰᠢᠲᠠᠮᠠᠬᠠᠢ ᠬᠡᠢ ᠶᠢᠨ ᠲᠥᠬᠦᠭᠡᠷᠦᠮᠵᠢ ᠶᠢ ᠬᠠᠮᠠᠭᠠᠯᠠᠬᠤ᠂ ᠭᠠᠯ ᠤᠨᠲᠠᠷᠠᠭᠠᠭᠤᠷ ᠢ ᠬᠡᠷᠬᠢᠨ ᠬᠡᠷᠡᠭᠯᠡᠬᠦ ᠵᠡᠷᠭᠡ ᠠᠮᠤᠷ ᠲᠦᠪᠰᠢᠨ ᠤ ᠮᠡᠳᠡᠯᠭᠡ ᠶᠢᠨ ᠲᠤᠬᠠᠢ ᠬᠠᠷᠢᠭᠤᠯᠲᠠ ᠥᠭᠴᠦ᠂ ᠬᠠᠷᠢᠭᠤᠴᠠᠯᠭᠠᠲᠠᠨ ᠢ ᠡᠵᠡᠩᠨᠡᠯᠲᠡ ᠶᠢᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠬᠤ ᠬᠡᠷᠡᠭᠲᠡᠢ ᠭᠡᠵᠦ ᠱᠠᠭᠠᠷᠳᠠᠪᠠ᠃  ᠣᠲᠣ ᠪᠣᠯᠲᠠᠯ᠎ᠠ᠂ ᠨᠡᠶᠢᠲᠡ 67 ᠡᠷᠦᠬᠡ ᠢᠳᠡᠭᠡᠨ ᠤᠮᠳᠠᠭᠠᠨ ᠤ ᠨᠢᠭᠡᠴᠡ ᠶᠢ ᠪᠠᠶᠢᠴᠠᠭᠠᠵᠤ᠂ ᠳᠡᠭᠡᠷ᠎ᠡ ᠳᠤᠷᠠᠳᠤᠭᠰᠠᠨ ᠬᠠᠤᠯᠢ ᠲᠣᠭᠲᠠᠭᠠᠯ ᠠᠴᠠ ᠵᠥᠷᠢᠴᠡᠭᠰᠡᠨ ᠠᠵᠢᠯᠯᠠᠭ᠎ᠠ ᠣᠷᠣᠰᠢᠵᠤ ᠪᠠᠶᠢᠬᠤ ᠶᠢ ᠲᠦᠷ ᠣᠯᠵᠤ ᠮᠡᠳᠡᠭᠰᠡᠨ ᠦᠭᠡᠢ᠃ᠲᠠᠷᠠᠭᠠᠴᠢ ᠶᠢᠨ ᠠᠯᠬᠤᠮ ᠳᠤ᠂ ᠢᠳᠡᠭᠡᠨ ᠤᠮᠳᠠᠭᠠᠨ ᠤ ᠨᠢᠭᠡᠴᠡ ᠶᠢᠨ ᠰᠢᠲᠠᠮᠠᠬᠠᠢ ᠬᠡᠢ ᠶᠢᠨ ᠠᠮᠤᠷ ᠲᠦᠪᠰᠢᠨ ᠤ ᠲᠤᠰᠬᠠᠢ ᠪᠠᠶᠢᠴᠠᠭᠠᠯᠲᠠ ᠶᠢ ᠦᠷᠭᠦᠯᠵᠢᠯᠡᠨ ᠥᠷᠨᠢᠭᠦᠯᠵᠦ᠂ ᠰᠢᠲᠠᠮᠠᠬᠠᠢ ᠬᠡᠢ ᠶᠢ ᠠᠮᠤᠷ ᠲᠦᠪᠰᠢᠨ ᠢᠶᠠᠷ ᠬᠡᠷᠡᠭᠯᠡᠬᠦ ᠤᠬᠠᠭᠤᠯᠭ᠎ᠠ ᠶᠢᠨ ᠡᠷᠴᠢᠮ ᠢᠶᠠᠨ ᠴᠢᠩᠭᠠᠷᠠᠭᠤᠯᠤᠨ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠶᠢ ᠴᠢᠩᠭᠠᠳᠬᠠᠵᠤ᠂ ᠢᠳᠡᠭᠡᠨ ᠤᠮᠳᠠᠭᠠᠨ ᠤ ᠦᠢᠯᠡᠰ ᠤᠨ ᠰᠢᠲᠠᠮᠠᠬᠠᠢ ᠬᠡᠢ ᠶᠢᠨ ᠬᠡᠷᠡᠭᠯᠡᠭᠴᠢᠳ ᠤᠨ ᠠᠮᠤᠷ ᠲᠦᠪᠰᠢᠨ ᠤ ᠰᠡᠷᠭᠡᠶᠢᠯᠡᠯᠲᠡ ᠶᠢᠨ ᠤᠬᠠᠮᠰᠠᠷ ᠪᠠ ᠭᠡᠨᠡᠳᠲᠡ ᠶᠢᠨ ᠬᠡᠷᠡᠭ ᠢ ᠰᠢᠢᠳᠪᠦᠷᠢᠯᠡᠬᠦ ᠴᠢᠳᠠᠪᠤᠷᠢ ᠶᠢ ᠦᠨᠡᠨᠬᠦ ᠳᠡᠭᠡᠭᠰᠢᠯᠡᠭᠦᠯᠵᠦ᠂ ᠢᠳᠡᠭᠡᠨ ᠤᠮᠳᠠᠭᠠᠨ ᠤ ᠠᠵᠤ ᠠᠬᠤᠶᠢᠯᠠᠯ ᠤᠨ ᠰᠢᠲᠠᠮᠠᠬᠠᠢ ᠬᠡᠢ ᠶᠢᠨ ᠠᠮᠤᠷ ᠲᠦᠪᠰᠢᠨ ᠲᠣᠭᠲᠠᠭᠤᠨ ᠢᠶᠠᠷ ᠠᠵᠢᠯᠯᠠᠬᠤ ᠶᠢ ᠪᠥᠬᠦ ᠭᠦᠴᠦᠨ ᠢᠶᠠᠷ ᠢᠶᠠᠨ ᠪᠠᠲᠤᠯᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号