| ᠨᠢᠭᠡ ᠳᠤ ᠲᠥᠷᠥ ᠶᠢᠨ ᠪᠣᠳᠣᠯᠭ᠎ᠠ ᠶᠢᠨ ᠪᠠᠲᠤᠯᠠᠭ᠎ᠠ ᠶᠢ ᠲᠡᠭᠦᠯᠳᠡᠷᠵᠢᠭᠦᠯᠦᠨ᠎ᠡ᠃ ︽ᠰᠣᠷᠭᠠᠭᠤᠯᠢ ᠶᠢᠨ | ᠪᠡᠶ᠎ᠡ ᠶᠢᠨ ᠲᠠᠮᠢᠷ ᠤᠨ ᠠᠵᠢᠯ ᠢ ᠪᠦᠬᠦ ᠳᠡᠯ᠎ᠠ ᠪᠠᠷ ᠴᠢᠩᠭᠠᠳᠬᠠᠬᠤ ᠪᠠ ᠰᠠᠶᠢᠵᠢᠷᠡᠭᠤᠯᠬᠤ ᠶᠢᠨ ᠭᠡᠷᠡᠭᠵᠢᠬᠦᠯᠬᠦ ᠳᠥᠰᠥᠯ | ︾ ᠢ ᠨᠡᠶᠢᠳᠡᠯᠡᠵᠦ᠂ ︽ᠡᠷᠡᠬᠦᠯ ᠡᠩᠬᠡ ᠶᠢᠨ ᠮᠡᠳᠡᠯᠭᠡ ᠶᠢᠨ ᠦᠨᠳᠣᠰᠣᠡ ᠬᠦᠳᠡᠯᠭᠡᠭᠡᠨ ᠤ ᠮᠡᠷᠭᠡᠵᠢᠯ ᠴᠢᠳᠡᠪᠦᠷᠢ ᠶᠢᠨ | ᠲᠣᠰᠬᠠᠢ ᠬᠦᠳᠡᠯᠭᠡᠭᠡᠨ ᠤ ᠮᠡᠷᠭᠡᠵᠢᠯ ᠴᠢᠳᠡᠪᠦᠷᠢ︾ ᠶᠢᠨ ᠪᠡᠶ᠎ᠡ ᠶᠢᠨ ᠲᠠᠮᠢᠷ ᠤᠨ ᠵᠢᠭᠠᠨ ᠰᠣᠷᠭᠠᠯᠳᠡ ᠶᠢᠨ ᠵᠬᠠᠪᠤᠷ ᠢ | ᠪᠠᠶᠢᠭᠤᠯᠵᠦ᠂ ᠰᠣᠷᠭᠠᠭᠤᠯᠢ ᠶᠢᠨ ᠬᠦᠷᠢᠶᠡᠯᠡᠩ ᠤᠨ ᠬᠥᠯ ᠪᠦᠮᠪᠦᠭᠡ ᠶᠢᠨ ᠬᠦᠭᠵᠢᠯᠳᠡ ᠳᠤ ᠪᠠᠳᠥ ᠪᠠᠬᠢ ᠳᠥᠷᠢᠮ ᠤᠨ | ᠪᠠᠳᠣᠯᠠᠭ᠎ᠠ ᠬᠠᠩᠭᠠᠨ᠎ᠠ᠃ | ᠬᠤᠶᠠᠷ ᠲᠤ᠂ ᠰᠤᠷᠭᠠᠭᠤᠯᠢ ᠶᠢᠨ ᠬᠦᠷᠢᠶᠡᠨ ᠤ ᠲᠦᠭᠡᠮᠡᠯᠵᠢᠯᠲᠡ ᠶᠢ ᠠᠬᠢᠭᠤᠯᠪᠠ᠃ ᠬᠥᠯ ᠪᠥᠮᠪᠦᠭᠡ ᠶᠢ ᠠᠩᠬ᠎ᠠ | ᠵᠡᠷᠭᠡ ᠶᠢᠨ ᠳᠤᠮᠳᠠᠳᠤ ᠰᠤᠷᠭᠠᠭᠤᠯᠢ ᠶᠢᠨ ᠪᠡᠶ᠎ᠡ ᠶᠢᠨ ᠲᠠᠮᠢᠷ ᠬᠢᠭᠡᠳ ᠡᠷᠡᠭᠦᠯ ᠮᠡᠨᠳᠦ ᠶᠢᠨ ᠰᠢᠯᠭᠠᠯᠲᠠ ᠶᠢᠨ ᠲᠥᠷᠥᠯ | ᠵᠦᠢᠯ ᠤᠨ ᠨᠢᠭᠡ ᠳᠤ ᠣᠷᠣᠭᠤᠯᠵᠤ᠂ ᠬᠥᠯ ᠪᠥᠮᠪᠦᠭᠡ ᠶᠢᠨ ᠬᠥᠳᠡᠯᠭᠡᠭᠡᠨ᠂ ᠤᠷᠤᠯᠳᠤᠭᠠᠨ ᠢ ᠪᠠᠶᠢᠩᠭᠤᠵᠢᠭᠤᠯᠬᠤ ᠪᠠᠷ | ᠳᠠᠮᠵᠢᠭᠤᠯᠤᠨ᠂ ᠬᠥᠯ ᠪᠥᠮᠪᠦᠭᠡ ᠶᠢᠨ ᠬᠥᠳᠡᠯᠭᠡᠭᠡᠨ ᠤ ᠬᠠᠮᠤᠷᠬᠤ ᠬᠡᠪᠴᠢᠶ᠎ᠡ ᠶᠢ ᠠᠯᠬᠤᠮ ᠠᠯᠬᠤᠮ ᠢᠶᠠᠷ | ᠥᠷᠭᠡᠳᠬᠡᠵᠦ᠂ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ ᠰᠣᠶᠣᠯ ᠤᠨ ᠭᠦᠨ ᠵᠤᠵᠠᠭᠠᠨ ᠠᠭᠤᠷ | ᠠᠮᠢᠰᠬᠤᠯ ᠢ ᠪᠣᠶ ᠪᠣᠯᠭᠠᠨ᠎ᠠ᠃ ᠣᠳᠣᠬᠠᠨ ᠳᠤ᠂ ᠪᠥᠬᠦ ᠰᠢᠶᠠᠨ ᠳᠤ ᠨᠢᠭᠡᠨᠲᠡ 22 ᠰᠤᠷᠭᠠᠭᠤᠯᠢ ᠨᠢ ᠬᠥᠯ | ᠪᠥᠮᠪᠦᠭᠡ ᠶᠢᠨ ᠣᠨᠴᠠᠯᠢᠭᠲᠤ ᠰᠤᠷᠭᠠᠭᠤᠯᠢ ᠪᠠᠷ ᠦᠨᠡᠯᠡᠭᠳᠡᠪᠡ᠃ | ᠭᠤᠷᠪᠠ ᠳᠤ ᠪᠠᠭᠰᠢ ᠶᠢᠨ ᠡᠩᠨᠡᠭᠡᠨ ᠤ ᠪᠠᠶᠢᠭᠤᠯᠤᠯᠲᠠ ᠶᠢ ᠴᠢᠩᠭᠠᠳᠬᠠᠨ᠎ᠠ᠃ ᠪᠦᠬᠦ ᠰᠢᠶᠠᠨ ᠳᠤ ᠣᠲᠣ 377 | ᠪᠡᠶ᠎ᠡ ᠶᠢᠨ ᠲᠠᠮᠢᠷ ᠤᠨ ᠪᠠᠭᠰᠢ᠂ ᠡᠭᠦᠨ ᠳᠤ 304 ᠨᠡᠷ᠎ᠡ ᠲᠤᠰᠬᠠᠶ ᠲᠤᠰᠢᠶᠠᠯᠲᠤ ᠪᠡᠶ᠎ᠡ ᠶᠢᠨ ᠲᠠᠮᠢᠷ ᠤᠨ ᠪᠠᠭᠰᠢ᠂ | 13 ᠨᠡᠷ᠎ᠡ ᠬᠥᠯ ᠪᠥᠮᠪᠦᠭᠡ ᠶᠢᠨ D ᠳᠡᠰ ᠤᠨ ᠳᠠᠰᠬᠠᠯᠵᠢᠭᠤᠯᠤᠭᠴᠢ ᠪᠣᠶ᠃ ᠡᠨᠡ ᠵᠢᠯ 7 ᠨᠡᠷᠡᠰ ᠪᠡᠶ᠎ᠡ ᠶᠢᠨ | ᠲᠠᠮᠢᠷ ᠤᠨ ᠪᠠᠭᠰᠢ ᠶᠢ ᠰᠣᠩᠭᠤᠨ ᠲᠣᠮᠢᠯᠠᠵᠤ ᠣᠷᠣᠨ ᠤ ᠲᠠᠰ ᠠᠴᠠ ᠳᠡᠭᠡᠭᠰᠢᠬᠢ ᠬᠥᠯ ᠪᠥᠮᠪᠦᠭᠡ ᠶᠢᠨ ᠲᠤᠰᠬᠠᠶ | ᠪᠣᠯᠪᠠᠰᠤᠷᠠᠭᠤᠯᠤᠯ ᠳᠤ ᠣᠷᠣᠯᠴᠠᠭᠤᠯᠵᠤ᠂ ᠲᠤᠰᠬᠠᠶᠢᠵᠢᠭᠰᠠᠨ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ | ᠪᠠᠭᠰᠢ ᠶᠢᠨ ᠡᠩᠨᠡᠭᠡ ᠶᠢ ᠦᠷᠭᠦᠯᠵᠢᠯᠡᠨ ᠪᠠᠶᠢᠭᠤᠯᠵᠤ᠂ ᠬᠥᠭᠵᠢᠯᠲᠡ ᠳᠤ ᠴᠢᠳᠠᠪᠤᠷᠢᠲᠠᠨ ᠤ ᠳᠡᠮᠵᠢᠯᠭᠡ ᠬᠠᠩᠭᠠᠨ᠎ᠠ᠃ | ᠲᠦᠷᠪᠡ ᠳᠤ᠂ ᠤᠷᠤᠯᠳᠤᠭᠠᠨ ᠤ ᠰᠢᠰᠲ᠋ᠧᠮ ᠢ ᠪᠠᠶᠢᠭᠤᠯᠪᠠ᠃ ︽ᠠᠩᠭᠢ - ᠰᠤᠷᠭᠠᠭᠤᠯᠢ - ᠰᠢᠶᠠᠨ - ᠬᠤᠲᠠ | ︾ ᠶᠢᠨ ᠳᠥᠷᠪᠡᠨ ᠱᠠᠲᠤᠨ ᠤ ᠬᠤᠯᠪᠣᠭᠠᠲᠤ ᠤᠷᠤᠯᠳᠤᠭᠠᠨ ᠤ ᠰᠢᠰᠲ᠋ᠧᠮᠵᠢ ᠶᠢ ᠪᠠᠶᠢᠭᠤᠯᠵᠤ᠂ ᠡᠯ᠎ᠡ ᠲᠥᠷᠥᠯ ᠤᠨ | ᠬᠥᠯ ᠪᠥᠮᠪᠦᠭᠡ ᠶᠢᠨ ᠤᠷᠤᠯᠳᠤᠭᠠᠨ ᠢ ᠪᠠᠶᠢᠩᠭᠤᠵᠢᠭᠤᠯᠤᠨ ᠥᠷᠨᠢᠭᠦᠯᠵᠦ᠂ ᠣᠲᠣ ᠨᠢᠭᠡᠨᠲᠡ 10 ᠬᠤᠭᠤᠴᠠᠭᠠᠨ ᠤ | ᠰᠢᠶᠠᠨ ᠤ ᠱᠠᠲᠤᠨ ᠤ ᠬᠥᠯ ᠪᠥᠮᠪᠦᠭᠡ ᠶᠢᠨ ᠤᠷᠤᠯᠳᠤᠭᠠᠨ ᠢ ᠵᠠᠯᠭᠠᠭ᠎ᠠ ᠪᠠᠷ ᠡᠷᠭᠢᠯᠡᠪᠡ᠃ ᠤᠯᠠᠭᠠᠨᠬᠠᠳᠠ ᠬᠤᠳᠠ ᠶᠢᠨ | ᠠᠷᠪᠠᠳᠤᠭᠠᠷ ᠬᠤᠭᠤᠴᠠᠭᠠᠨ ᠤ ᠵᠠᠯᠠᠭᠤᠴᠤᠳ ᠪᠠᠭᠠᠴᠤᠳ ᠤᠨ ᠬᠦᠯ ᠪᠦᠮᠪᠦᠭᠡ ᠶᠢᠨ ᠬᠠᠮᠳᠤᠷᠠᠭᠰᠠᠨ | ᠤᠷᠤᠯᠳᠤᠭᠠᠨ ᠳᠤ ᠨᠢᠩᠴᠧᠩ ᠰᠢᠶᠠᠨ ᠤ ᠠᠩᠬ᠎ᠠ ᠳᠤᠮᠳᠠᠳᠤ ᠶᠢᠨ ᠡᠮᠡᠭᠳᠡᠢ ᠶᠢᠨ ᠳᠤᠭᠤᠶᠢᠯᠠᠩ ᠪᠠ ᠪᠠᠭ᠎ᠠ | ᠰᠤᠷᠭᠠᠭᠤᠯᠢ ᠶᠢᠨ ᠡᠮᠡᠭᠳᠡᠢ ᠶᠢᠨ ᠠᠩᠬᠢ ᠨᠢ ᠴᠦᠮ ᠬᠤᠶᠠᠳᠤᠭᠠᠷ ᠲᠤ ᠤᠷᠤᠪᠠ᠃ ︽ᠤᠷᠤᠯᠳᠤᠭᠠᠨ ᠢᠶᠠᠷ | ᠰᠤᠷᠤᠯᠴᠠᠯᠭ᠎ᠠ ᠶᠢ ᠠᠬᠢᠭᠤᠯᠵᠤ᠂ ᠤᠷᠤᠯᠳᠤᠭᠠᠨ ᠢᠶᠠᠷ ᠪᠣᠯᠪᠠᠰᠤᠷᠠᠯ ᠢ ᠠᠬᠢᠭᠤᠯᠬᠤ︾ ᠵᠠᠭᠪᠤᠷ ᠢᠶᠠᠷ ᠳᠠᠮᠵᠢᠭᠤᠯᠤᠨ᠂ | ᠰᠤᠷᠤᠭᠴᠢᠳ ᠤᠨ ᠬᠥᠯ ᠪᠥᠮᠪᠦᠭᠡ ᠳᠠᠬᠢ ᠬᠠᠯᠠᠭᠤᠨ ᠰᠡᠳᠬᠢᠯᠭᠡ ᠶᠢ ᠬᠥᠭᠵᠢᠭᠡᠵᠦ᠂ ᠲᠠᠮᠢᠷ ᠤᠨ ᠬᠥᠳᠡᠯᠭᠡᠭᠡᠨ ᠤ | ᠤᠷ᠎ᠠ ᠴᠢᠳᠠᠪᠤᠷᠢ ᠪᠠ ᠤᠷᠤᠯᠳᠤᠭᠠᠨ ᠤ ᠬᠢᠷᠢ ᠲᠦᠪᠰᠢᠨ ᠢ ᠪᠥᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠳᠡᠭᠡᠷᠡᠬᠢ | ᠠᠷᠭ᠎ᠠ ᠬᠡᠮᠵᠢᠶ᠎ᠡ ᠪᠠᠷ ᠳᠠᠮᠵᠢᠭᠤᠯᠤᠨ᠂ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ ᠬᠥᠭᠵᠢᠯᠲᠡ ᠶᠢᠨ | ᠰᠠᠭᠤᠷᠢ ᠶᠢ ᠲᠠᠰᠤᠷᠠᠯᠲᠠ ᠥᠬᠡᠶ ᠪᠠᠬᠢᠵᠢᠭᠦᠯᠵᠦ᠂ ᠪᠡᠶ᠎ᠡ ᠶᠢᠨ ᠲᠠᠮᠢᠷ ᠰᠤᠷᠭᠠᠨ ᠬᠥᠮᠦᠵᠢᠯ ᠤᠨ ᠠᠭᠤᠰᠤᠯᠴᠠᠯ ᠤᠨ | ᠰᠢᠨ᠎ᠡ ᠰᠢᠪᠲᠤᠯᠤᠯᠲᠠ ᠲᠠᠢ ᠪᠣᠯᠬᠤ ᠶᠢ ᠠᠬᠢᠭᠤᠯᠤᠨ᠂ ᠵᠠᠯᠠᠭᠤᠴᠤᠳ ᠪᠠᠭᠠᠴᠤᠳ ᠤᠨ ᠡᠷᠡᠭᠦᠯ ᠢᠶᠠᠷ ᠦᠰᠦᠨ | ᠪᠤᠶᠢᠵᠢᠬᠤ ᠳᠤ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠨ᠎ᠡ᠃ |