| ᠣᠶᠢᠷ᠎ᠠ ᠳᠤ᠂ ᠨᠢᠩᠴᠧᠩ ᠰᠢᠶᠠᠨ ᠤ ᠯᠢᠦᠶ ᠹᠠ ᠲᠠᠷᠢᠮᠠᠯ ᠤᠨ ᠲᠤᠰᠬᠠᠶ ᠬᠤᠷᠰᠢᠶ᠎ᠠ ᠶᠢᠨ ᠦᠷᠭᠦᠯᠵᠢᠯᠡᠨ ᠳᠡᠯᠭᠡᠨ | ᠦᠵᠡᠭᠦᠯᠬᠦ ᠪᠠᠷ ᠭᠤᠶᠤᠴᠢᠯᠠᠭᠰᠠᠨ ᠲᠥᠪᠡᠳ ᠬᠠᠰᠢ᠂ ᠥᠷᠭᠡᠰᠦᠲᠦ ᠬᠡᠮᠬᠡ᠂ ᠬᠠᠰᠢ᠂ ᠯᠠᠵᠤᠤ ᠨᠢ ᠳᠤᠮᠳᠠᠳᠤ | ᠤᠯᠤᠰ ᠤᠨ ᠪᠣᠬᠢᠷᠲᠤᠯ ᠥᠬᠡᠶ ᠢᠳᠡᠭᠡᠨ ᠤ ᠬᠥᠭᠵᠢᠯᠲᠡ ᠶᠢᠨ ᠲᠥᠪ ᠠᠴᠠ ᠣᠯᠭᠤᠭᠰᠠᠨ ᠪᠣᠬᠢᠷᠲᠤᠯ ᠥᠬᠡᠶ | ᠢᠳᠡᠭᠡᠨ ᠤ ᠭᠡᠷᠡᠴᠢᠯᠡᠯ ᠤᠨ ᠦᠨᠡᠮᠯᠡᠯ ᠢ ᠣᠯᠪᠠ᠃ ᠪᠣᠬᠢᠷᠲᠤᠯ ᠦᠭᠡᠶ ᠢᠳᠡᠭᠡᠨ ᠤ ᠵᠦᠢᠯ ᠢ ᠦᠷᠭᠦᠯᠵᠢᠯᠡᠨ ᠳᠡᠯᠭᠡᠬᠦ | ᠭᠡᠷᠡᠴᠢᠯᠡᠯ ᠪᠣᠯ ᠪᠣᠬᠢᠷᠲᠤᠯ ᠦᠭᠡᠶ ᠢᠳᠡᠭᠡᠨ ᠤ ᠦᠨᠡᠮᠯᠡᠯ ᠤᠨ ᠬᠦᠴᠦᠨ ᠲᠠᠢ ᠬᠤᠭᠤᠴᠠᠭ᠎ᠠ ᠶᠢ ᠭᠤᠷᠪᠠᠨ ᠵᠢᠯ ᠤᠨ | ᠬᠤᠭᠤᠴᠠᠭ᠎ᠠ ᠲᠤᠯᠬᠤ ᠠᠴᠠ ᠡᠮᠦᠨ᠎ᠡ ᠥᠷᠨᠢᠭᠦᠯᠵᠦ᠂ ᠲᠤᠬᠠᠶ ᠶᠢᠨ ᠲᠠᠯᠠᠪᠠᠶ ᠳᠤ ᠪᠠᠶᠢᠴᠠᠭᠠᠵᠤ ᠦᠨᠡᠯᠡᠨ ᠵᠢᠱᠢᠬᠦ᠂ | ᠣᠷᠴᠢᠨ ᠲᠣᠭᠤᠷᠢᠨ ᠢ ᠬᠢᠨᠠᠨ ᠬᠡᠮᠵᠢᠬᠦ᠂ ᠦᠯᠢᠭᠡᠷ ᠠᠪᠴᠤ ᠪᠠᠶᠢᠴᠠᠭᠠᠨ ᠬᠡᠮᠵᠢᠬᠦ ᠵᠡᠷᠭᠡ ᠭᠤᠭᠴᠤᠭ᠎ᠠ ᠪᠠᠷ | ᠳᠠᠮᠵᠢᠭᠤᠯᠤᠨ ᠦᠨᠡᠮᠯᠡᠯ ᠣᠯᠤᠭᠰᠠᠨ ᠠᠵᠤ ᠠᠬᠤᠶᠢᠯᠠᠯ ᠤᠨ ᠭᠤᠷᠪᠠᠨ ᠵᠢᠯ ᠤᠨ ᠲᠤᠷᠰᠢᠬᠢ ᠦᠢᠯᠡᠳᠪᠦᠷᠢᠯᠡᠯ ᠤᠨ | ᠠᠵᠢᠯᠯᠠᠭ᠎ᠠ ᠨᠢ ᠪᠣᠬᠢᠷᠲᠤᠯ ᠦᠭᠡᠶ ᠢᠳᠡᠭᠡᠨ ᠤ ᠪᠠᠷᠢᠮᠵᠢᠶ᠎ᠠ ᠳᠤ ᠨᠡᠶᠢᠴᠡᠭᠰᠡᠨ ᠡᠰᠡᠬᠦ ᠶᠢ ᠦᠨᠡᠯᠡᠳᠡᠭ᠃ ᠪᠣᠬᠢᠷᠲᠤᠯ | ᠦᠭᠡᠶ ᠢᠳᠡᠭᠡᠨ ᠤ ᠪᠠᠷᠢᠮᠵᠢᠶ᠎ᠠ ᠶᠢ ᠴᠢᠩᠭ᠎ᠠ ᠵᠢᠷᠤᠮᠯᠠᠨ ᠦᠢᠯᠡᠳᠪᠦᠷᠢᠯᠡᠬᠦ᠂ ᠪᠦᠬᠦ ᠶᠠᠪᠤᠴᠠ ᠳᠤ ᠶᠠᠰᠤ ᠴᠢᠨᠠᠷ ᠢ | ᠡᠵᠡᠮᠳᠡᠬᠦ᠂ ᠶᠠᠰᠤ ᠴᠢᠨᠠᠷ ᠤᠨ ᠠᠮᠤᠷ ᠲᠦᠪᠰᠢᠨ ᠤ ᠬᠠᠮᠢᠶᠠᠷᠤᠯᠲᠠ ᠶᠢᠨ ᠳᠦᠷᠢᠮ ᠢ ᠨᠠᠶᠢᠳᠠᠪᠤᠷᠢᠵᠢᠭᠤᠯᠬᠤ᠂ | ᠲᠡᠮᠳᠡᠭ ᠢ ᠵᠢᠷᠤᠮᠵᠢᠯ ᠲᠠᠢ ᠬᠡᠷᠡᠭᠯᠡᠬᠦ᠂ ᠨᠡᠮᠡᠯᠲᠡ ᠡᠳ᠋ ᠢ ᠪᠠᠷᠢᠮᠵᠢᠶ᠎ᠠ ᠶᠣᠰᠣᠭᠠᠷ ᠬᠡᠷᠡᠭᠯᠡᠬᠦ ᠦᠢᠯᠡᠳᠪᠦᠷᠢᠯᠡᠯ ᠤᠨ ᠠᠵᠤ | ᠠᠬᠤᠶᠢᠯᠠᠯ ᠳᠡᠯᠭᠡᠨ ᠦᠵᠡᠭᠦᠯᠬᠦ ᠦᠨᠡᠮᠯᠡᠯ ᠢ ᠤᠯᠤᠨ᠎ᠠ᠃ ᠪᠣᠬᠢᠷᠲᠤᠯ ᠥᠬᠡᠶ ᠢᠳᠡᠭᠡᠨ ᠤ ᠳᠡᠯᠭᠡᠨ ᠦᠵᠡᠭᠦᠯᠦᠯᠭᠡ | ᠪᠣᠯ ᠪᠣᠬᠢᠷᠲᠤᠯ ᠥᠬᠡᠶ ᠢᠳᠡᠭᠡᠨ ᠤ ᠠᠵᠢᠯ ᠤᠨ ᠴᠢᠬᠤᠯᠠ ᠪᠦᠷᠢᠯᠳᠦᠬᠦᠨ ᠬᠡᠰᠡᠭ ᠮᠥᠨ᠂ ᠪᠣᠬᠢᠷᠲᠤᠯ ᠥᠬᠡᠶ | ᠢᠳᠡᠭᠡᠨ ᠤ ᠠᠵᠢᠯ ᠪᠣᠯ ᠲᠠᠷᠢᠶᠠᠯᠠᠩ ᠤᠨ ᠪᠣᠬᠢᠷᠲᠤᠯ ᠥᠬᠡᠶ ᠬᠥᠭᠵᠢᠯᠲᠡ ᠶᠢᠨ ᠳᠣᠲᠣᠭᠠᠳᠤ ᠬᠥᠳᠡᠯᠭᠡᠬᠦ ᠬᠦᠴᠦᠨ | ᠮᠥᠨ᠃ |