ᠨᠢᠩᠴᠧᠩ ᠰᠢᠶᠠᠨ ᠵᠠᠰᠠᠭ ᠤᠨ ᠶᠠᠪᠤᠳᠠᠯ ᠢ ᠢᠯᠡ ᠪᠣᠯᠭᠠᠬᠤ ᠠᠵᠢᠯ ᠢ ᠪᠦᠬᠦ ᠲᠠᠯ᠎ᠠ ᠪᠠᠷ ᠠᠬᠢᠭᠤᠯᠵᠤ ᠵᠠᠰᠠᠭ ᠤᠨ ᠶᠠᠪᠤᠳᠠᠯ ᠤᠨ ᠢᠲᠡᠭᠡᠮᠵᠢ ᠶᠢᠨ ᠪᠠᠶᠢᠭᠤᠯᠤᠯᠲᠠ ᠶᠢ ᠭᠦᠨᠵᠡᠭᠡᠶᠢᠷᠡᠭᠦᠯᠦᠨ ᠪᠤᠳᠠᠳᠠᠶᠢᠵᠢᠭᠤᠯᠬᠤ ᠳᠤ ᠬᠦᠴᠦᠨ ᠨᠠᠮᠠᠷᠢᠯᠠᠨ᠎ᠠ
ᠨᠡᠶᠢᠲᠡᠯᠡᠭᠰᠡᠨ ᠴᠠᠭ᠄
2024/7/16
    ᠨᠢᠭᠡ ᠳᠤ᠂ ︽ᠤᠯᠠᠮᠵᠢᠯᠠᠯᠲᠦ ᠢᠯᠡ ᠪᠣᠯᠭᠠᠬᠤ︾ ᠠᠴᠠ ︽ᠰᠢᠨ᠎ᠡ ᠬᠡᠷᠡᠭᠴᠡᠭᠡ︾ ᠳᠠᠰᠢ ᠤᠷᠲᠤᠳᠬᠠᠪᠠ᠃ ᠰᠢᠨ᠎ᠡ ᠪᠠᠶᠢᠳᠠᠯ᠂ ᠰᠢᠨ᠎ᠡ ᠱᠠᠭᠠᠷᠳᠠᠯᠭ᠎ᠠ ᠪᠣᠯᠤᠨ ᠣᠯᠠᠨ ᠲᠦᠮᠡᠨ ᠤ ᠰᠢᠨ᠎ᠡ ᠬᠡᠷᠡᠭᠴᠡᠭᠡ ᠳᠤ ᠰᠠᠨᠠᠭᠠᠴᠢᠯᠭ᠎ᠠ ᠠᠴᠠ ᠪᠠᠨ ᠵᠣᠬᠢᠴᠠᠵᠤ᠂ ᠵᠠᠰᠠᠭ ᠤᠨ ᠣᠷᠳᠣᠨ ᠤ ᠰᠦᠯᠵᠢᠶ᠎ᠡ ᠪᠠᠷ ᠳᠠᠮᠵᠢᠭᠤᠯᠤᠨ ᠠᠵᠤ ᠠᠬᠤᠶ᠂ ᠠᠷᠠᠳ ᠤᠨ ᠠᠮᠢᠳᠤᠷᠠᠯ ᠵᠡᠷᠭᠡ ᠭᠤᠤᠯᠳᠠᠯᠭ᠎ᠠ ᠲᠠᠢ ᠬᠦᠷᠢᠶᠡᠨ ᠳᠠᠬᠢ ᠬᠠᠮᠢᠶ᠎ᠠ ᠪᠥᠬᠦᠶ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ᠂ ᠠᠵᠢᠯ ᠤᠨ ᠠᠬᠢᠴᠠ᠂ ᠲᠥᠷᠥᠯ ᠵᠦᠢᠯ ᠢ ᠨᠠᠶᠢᠳᠠᠪᠤᠷᠢᠵᠢᠭᠤᠯᠤᠭᠰᠠᠨ ᠮᠡᠳᠡᠭᠡ ᠵᠠᠩᠭᠢ ᠶᠢ 250 ᠭᠠᠷᠤᠶ ᠵᠤᠷᠪᠤᠰ ᠢᠯᠡ ᠪᠣᠯᠭᠠᠵᠤ᠂ ᠠᠵᠤ ᠠᠬᠤᠶᠢᠯᠠᠯ ᠪᠠ ᠣᠯᠠᠨ ᠲᠦᠮᠡᠨ ᠳᠤ ᠴᠠᠭ ᠲᠤᠬᠠᠶ ᠳᠤᠨᠢ ᠲᠥᠬᠦᠮ ᠦᠵᠡᠭᠦᠯᠵᠦ᠂ ᠲᠥᠷᠥ ᠶᠢᠨ ᠪᠣᠳᠣᠯᠭ᠎ᠠ ᠶᠢᠨ ᠠᠰᠢᠭ ᠲᠤᠰᠠ ᠶᠢ ᠨᠠᠩ ᠲᠦᠷᠭᠡᠨ ᠪᠠᠳᠠᠷᠠᠭᠤᠯᠤᠨ᠎ᠠ᠃ ᠬᠤᠶᠠᠷ ᠲᠤ᠂ ︽ᠮᠡᠳᠡᠭᠡ ᠵᠠᠩᠭᠢ ᠨᠡᠶᠢᠲᠡᠯᠡᠬᠦ︾ ᠠᠴᠠ ︽ᠲᠥᠷᠥ ᠶᠢᠨ ᠪᠣᠳᠣᠯᠭ᠎ᠠ ᠶᠢᠨ ᠲᠠᠶᠢᠯᠤᠮᠵᠢ︾ ᠳᠠᠰᠢ ᠤᠷᠲᠤᠳᠬᠠᠪᠠ᠃ ᠬᠠᠷᠠᠭᠠᠨ ᠳᠠᠪᠲᠠᠮᠵᠢ᠂ ᠲᠠᠭᠤᠨ ᠳᠠᠪᠲᠠᠮᠵᠢ᠂ ᠵᠢᠷᠤᠭ ᠪᠢᠴᠢᠭ ᠵᠢᠷᠤᠭᠲᠤ ᠬᠦᠰᠦᠨᠤᠭ᠍ᠲᠦ ᠵᠡᠷᠭᠡ ᠣᠯᠠᠨ ᠠᠷᠭ᠎ᠠ ᠮᠠᠶ᠋ᠢᠭ ᠢ ᠶᠡᠷᠦᠩᠬᠡᠶᠢᠯᠡᠨ ᠬᠡᠷᠡᠭᠯᠡᠵᠦ ᠲᠥᠷᠥ ᠶᠢᠨ ᠪᠣᠳᠣᠯᠭ᠎ᠠ ᠶᠢᠨ ᠲᠠᠶᠢᠯᠤᠮᠵᠢ ᠬᠢᠨ᠎ᠡ᠃ ᠵᠠᠰᠠᠭ ᠤᠨ ᠣᠷᠳᠣᠨ ᠤ ᠰᠦᠯᠵᠢᠶᠡᠨ ᠤ ︽ᠠᠵᠤ ᠠᠬᠤᠶᠢᠯᠠᠯ ᠳᠤ ᠠᠰᠢᠭᠲᠠᠶ ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢᠨ ᠲᠤᠰᠬᠠᠶ ᠲᠣᠭᠤᠷᠢᠭ︾ ᠤᠨ ᠲᠤᠰᠬᠠᠶ ᠪᠤᠯᠤᠩ ᠤᠨ ᠲᠥᠷᠥ ᠶᠢᠨ ᠪᠣᠳᠣᠯᠭ᠎ᠠ ᠶᠢ ᠨᠡᠶᠢᠲᠡᠯᠡᠬᠦ ᠠᠵᠢᠯ ᠢ ᠦᠷᠭᠦᠯᠵᠢᠯᠡᠨ ᠰᠠᠶᠢᠲᠤᠷ ᠬᠢᠵᠦ᠂ ᠠᠷᠠᠳ ᠲᠤ ᠲᠥᠬᠦᠮ ᠦᠵᠡᠭᠦᠯᠵᠦ ᠠᠵᠤ ᠠᠬᠤᠶᠢᠯᠠᠯ ᠳᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ ᠢᠯᠡ ᠪᠣᠯᠭᠠᠭᠰᠠᠨ ᠪᠠᠶᠢᠳᠠᠯ ᠢ ᠲᠤᠰᠬᠠᠶ ᠪᠠᠶᠢᠴᠠᠭᠠᠵᠤ ᠨᠡᠪᠲᠡᠷᠡᠭᠦᠯᠦᠨ᠎ᠡ᠃ ᠣᠲᠣ ᠪᠣᠯᠲᠠᠯ᠎ᠠ ︽ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ︾ ᠶᠢᠨ ᠪᠤᠯᠤᠩ ᠨᠡᠶᠢᠲᠡ 40 ᠭᠠᠷᠤᠶ ᠵᠤᠷᠪᠤᠰ ᠨᠡᠶᠢᠲᠡᠯᠡᠵᠦ᠂ ︽ᠠᠷᠠᠳ ᠲᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ︾ ᠶᠢᠨ ᠪᠤᠯᠤᠩ ᠳᠤ ᠨᠡᠶᠢᠲᠡ 30 ᠭᠠᠷᠤᠶ ᠵᠤᠷᠪᠤᠰ ᠵᠤᠷᠪᠤᠰ ᠨᠡᠶᠢᠲᠡᠯᠡᠪᠡ᠃   ᠭᠤᠷᠪᠠ ᠳᠤ᠂ ︽ᠵᠠᠷᠯᠠᠨ ᠮᠡᠳᠡᠭᠳᠡᠬᠦ︾ ᠠᠴᠠ ︽ᠢᠯᠡ ᠪᠣᠯᠭᠠᠬᠤ ᠴᠢᠭᠯᠡᠯ︾ ᠳᠠᠰᠢ ᠤᠷᠲᠤᠳᠬᠠᠪᠠ᠃ ᠰᠦᠯᠵᠢᠶᠡᠨ ᠳᠡᠭᠡᠷ᠎ᠡ ᠪᠥᠬᠦ ᠰᠢᠶᠠᠨ ᠤ 8 ᠰᠦᠯᠵᠢᠶᠡᠨ ᠥᠷᠲᠡᠭᠡ ᠪᠠᠷ ᠳᠠᠮᠵᠢᠭᠤᠯᠤᠨ ᠠᠵᠢᠯ ᠤᠨ ᠪᠠᠶᠢᠷᠢ ᠶᠢ ᠲᠣᠭᠲᠠᠪᠤᠷᠢᠵᠢᠭᠤᠯᠤᠨ ᠠᠵᠢᠯ ᠣᠯᠭᠤᠬᠤ᠂ ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡ ᠵᠡᠷᠭᠡ 20 ᠲᠠᠯ᠎ᠠ ᠶᠢᠨ ᠭᠤᠣᠯᠳᠠᠯᠭ᠎ᠠ ᠲᠠᠢ ᠬᠦᠷᠢᠶ᠎ᠡ ᠶᠢ ᠢᠯᠡ ᠪᠣᠯᠭᠠᠬᠤ ᠪᠤᠯᠤᠩ ᠭᠠᠷᠭᠠᠵᠤ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ᠂ ᠡᠳ᠋ ᠤᠨ ᠵᠠᠰᠠᠭ ᠤᠨ ᠲᠥᠰᠦᠪ ᠪᠠ ᠲᠥᠰᠦᠪ ᠤᠨ ᠭᠦᠢᠴᠡᠳᠬᠡᠯ᠂ ᠪᠠᠲᠤᠯᠠᠭ᠎ᠠ ᠶᠢᠨ ᠴᠢᠨᠠᠷᠲᠠᠶ ᠣᠷᠣᠨ ᠰᠠᠭᠤᠴᠠ ᠶᠢᠨ  ᠪᠠᠶᠢᠭᠤᠯᠤᠯᠲᠠ ᠬᠢᠭᠡᠳ ᠠᠵᠤ ᠠᠬᠤᠶ ᠨᠡᠶᠢᠭᠡᠮ ᠤᠨ ᠬᠥᠭᠵᠢᠯᠲᠡ ᠪᠠ ᠠᠷᠠᠳ ᠣᠯᠠᠨ ᠤ ᠠᠷᠠᠳ ᠤᠨ ᠠᠮᠢᠳᠤᠷᠠᠯ ᠲᠠᠢ ᠨᠢᠭᠲᠠ ᠬᠤᠯᠪᠣᠭ᠎ᠠ ᠲᠠᠢ ᠮᠡᠳᠡᠭᠡ ᠵᠠᠩᠭᠢ ᠶᠢ ᠢᠯᠡ ᠪᠣᠯᠭᠠᠬᠤ ᠡᠷᠴᠢᠮ ᠢ ᠴᠢᠩᠭᠠᠷᠠᠭᠤᠯᠵᠤ᠂ ᠣᠯᠠᠨ ᠲᠦᠮᠡᠨ ᠳᠤ ᠦᠵᠡᠭᠦᠯᠵᠦ᠂ ᠣᠶᠢᠯᠠᠭᠠᠭᠤᠯᠵᠤ᠂ ᠬᠢᠨᠠᠯᠲᠠ ᠲᠠᠯᠪᠢᠭᠤᠯᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号