| ᠡᠨᠡ ᠵᠢᠯ ᠠᠴᠠ ᠨᠠᠰᠢ᠂ ᠤᠯᠠᠭᠠᠨᠬᠠᠳᠠ ᠬᠤᠲᠠ ᠶᠢᠨ ᠲᠠᠷᠢᠶᠠᠯᠠᠩ ᠮᠠᠯ ᠠᠵᠤ ᠠᠬᠤᠶ ᠪᠠ ᠬᠦᠳᠡᠭᠡ ᠲᠤᠰᠬᠤᠨ | ᠮᠠᠯᠵᠢᠬᠤ ᠤᠷᠤᠨ ᠤ ᠲᠣᠪᠴᠢᠶ᠎ᠠ ᠶᠢᠨ ᠰᠢᠨᠵᠢᠯᠡᠬᠦ ᠤᠬᠠᠭᠠᠨᠴᠢ ᠪᠠᠷ ᠪᠤᠷᠳᠤᠭᠤᠷ ᠣᠷᠣᠭᠤᠯᠵᠤ ᠦᠷ᠎ᠡ ᠠᠰᠢᠭ ᠢ | ᠨᠡᠮᠡᠭᠳᠡᠭᠦᠯᠬᠦ ᠠᠵᠢᠯ ᠤᠨ ᠲᠣᠬᠢᠷᠠᠭᠤᠯᠤᠯᠲᠠ ᠶᠢ ᠦᠨᠳᠦᠰᠦᠯᠡᠨ᠂ ᠨᠢᠩᠴᠧᠩ ᠰᠢᠶᠠᠨ ᠬᠥᠷᠥᠰᠥ ᠰᠢᠷᠣᠶ ᠶᠢ ᠬᠡᠮᠵᠢᠨ | ᠨᠠᠶᠢᠷᠠᠯᠭ᠎ᠠ ᠲᠠᠢ ᠪᠤᠷᠳᠤᠭᠤᠷ ᠣᠷᠣᠭᠤᠯᠬᠤ ᠵᠢᠴᠢ ᠭᠤᠷᠪᠠᠨ ᠰᠢᠨ᠎ᠡ ᠮᠡᠷᠭᠡᠵᠢᠯ ᠢ ᠳᠡᠯᠭᠡᠷᠡᠭᠦᠯᠬᠦ ᠵᠢᠱᠢᠶ᠎ᠡ ᠦᠵᠡᠭᠦᠯᠬᠦ | ᠲᠦᠷᠦᠯ ᠵᠦᠢᠯ ᠢ ᠢᠳᠡᠪᠬᠢᠲᠡᠢ ᠥᠷᠨᠢᠭᠦᠯᠵᠦ᠂ ᠬᠡᠷᠡᠭᠰᠡᠬᠦ ᠪᠠᠺᠲ᠋ᠧᠷᠢ ᠶᠢᠨ ᠡᠮ ᠵᠢᠴᠢ ᠤᠰᠤᠨ ᠳᠤ ᠠᠭᠤᠰᠬᠤ | ᠪᠤᠷᠳᠤᠭᠤᠷ ᠢ ᠪᠦᠬᠦᠨ ᠢ ᠪᠣᠳᠠᠲᠠᠶᠢᠵᠢᠭᠤᠯᠪᠠ᠃ ᠲᠥᠷᠥᠯ ᠵᠦᠢᠯ ᠳᠤ ᠨᠡᠶᠢᠲᠡ 94 ᠲᠣᠨ ᠪᠠᠺᠲ᠋ᠧᠷᠢ ᠶᠢᠨ ᠡᠳ᠋᠂ | ᠤᠰᠤᠨ ᠳᠤ ᠠᠭᠤᠰᠬᠤ ᠪᠣᠷᠲᠣᠭᠤᠷ ᠢ ᠬᠤᠳᠠᠯᠳᠤᠨ ᠠᠪᠴᠤ᠂ ᠡᠭᠦᠨ ᠳᠤ ᠬᠥᠷᠥᠰᠥ ᠰᠢᠷᠣᠶ ᠶᠢ ᠵᠠᠰᠠᠨ ᠰᠡᠯᠪᠢᠬᠦ | ᠡᠮ ᠢ 30 ᠲᠣᠨ᠂ ᠮᠢᠺᠷᠣᠪ ᠤᠨ ᠪᠠᠺᠲ᠋ᠧᠷᠢ ᠶᠢᠨ ᠡᠮ ᠢ 10 ᠲᠣᠨ᠂ ᠶᠡᠭᠡ ᠬᠡᠮᠵᠢᠶᠡᠨ ᠤ ᠡᠯᠧᠮᠧᠨ᠋ᠲ ᠤᠨ | ᠤᠰᠤᠨ ᠳᠤ ᠠᠭᠤᠰᠬᠤ ᠪᠣᠷᠲᠣᠭᠤᠷ 16.5 ᠲᠣᠨ᠂ ᠠᠽᠣᠲ ᠶᠡᠬᠡᠲᠡᠶ ᠪᠣᠷᠳᠣᠭᠤᠷ ᠤᠨ ᠬᠡᠯᠪᠡᠷᠢ ᠶᠢᠨ ᠤᠰᠤᠨ ᠳᠤ | ᠠᠭᠤᠰᠬᠤ ᠪᠣᠷᠳᠣᠭᠤᠷ 22.5 ᠲᠣᠨ᠂ ᠺᠠᠯᠢ ᠥᠨᠳᠥᠷ ᠪᠣᠷᠲᠣᠭᠤᠷ 15 ᠲᠣᠨ ᠪᠣᠶ᠃ ᠰᠢᠯᠭᠠᠨ ᠠᠪᠬᠤ | ᠳᠤᠭᠤᠶᠢᠯᠠᠩ ᠠᠴᠠ ᠪᠠᠺᠲ᠋ᠧᠷᠢ ᠶᠢᠨ ᠡᠮ ᠪᠠ ᠤᠰᠤᠨ ᠳᠤ ᠠᠭᠤᠰᠬᠤ ᠪᠣᠷᠳᠣᠭᠤᠷ ᠢ ᠲᠤᠬᠠᠶ ᠶᠢᠨ ᠭᠠᠵᠠᠷ ᠲᠤᠨᠢ | ᠪᠠᠶᠢᠴᠠᠭᠠᠨ ᠦᠵᠡᠵᠦ᠂ ᠪᠣᠷᠳᠣᠭᠤᠷ ᠤᠨ ᠪᠣᠯᠵᠣᠯᠲᠤ ᠲᠤᠭ᠎ᠠ᠂ ᠰᠢᠮ᠎ᠡ ᠲᠡᠵᠢᠭᠡᠯ ᠤᠨ ᠠᠭᠤᠯᠤᠭᠳᠠᠴᠠ᠂ | ᠪᠠᠷᠢᠮᠵᠢᠶ᠎ᠠ ᠶᠢ ᠬᠡᠷᠡᠭᠵᠢᠭᠦᠯᠬᠦ ᠪᠠᠷᠢᠮᠵᠢᠶ᠎ᠠ᠂ ᠬᠡᠪ ᠪᠠᠷᠢᠮᠵᠢᠶ᠎ᠠ ᠵᠡᠷᠭᠡ ᠭᠦᠢᠴᠡᠳᠬᠡᠬᠦ ᠲᠤᠭ᠎ᠠ ᠶᠢ ᠨᠠᠷᠢᠨ | ᠬᠠᠷᠢᠴᠠᠭᠤᠯᠬᠤ ᠪᠠᠷ ᠳᠠᠮᠵᠢᠭᠤᠯᠤᠨ᠂ ᠬᠤᠳᠠᠯᠳᠤᠨ ᠠᠪᠬᠤ ᠪᠠᠺᠲ᠋ᠧᠷᠢ ᠶᠢᠨ ᠡᠮ ᠪᠠ ᠤᠰᠤᠨ ᠳᠤ ᠠᠭᠤᠰᠬᠤ | ᠪᠣᠷᠳᠣᠭᠤᠷ ᠢ ᠴᠥᠮ ᠱᠠᠭᠠᠷᠳᠠᠯᠭ᠎ᠠ ᠳᠤ ᠨᠡᠶᠢᠴᠡᠭᠦᠯᠵᠦ᠂ ᠰᠢᠯᠭᠠᠨ ᠠᠪᠬᠤ ᠶᠢ ᠤᠷᠤᠭᠰᠢᠲᠠᠶ ᠥᠩᠭᠡᠷᠡᠭᠦᠯᠪᠡ᠃ | ᠲᠣᠰ ᠤᠳᠠᠭᠠᠨ ᠤ ᠪᠠᠺᠲ᠋ᠧᠷᠢ ᠶᠢᠨ ᠡᠮ ᠵᠢᠴᠢ ᠤᠰᠤᠨ ᠳᠤ ᠠᠭᠤᠰᠬᠤ ᠪᠣᠷᠲᠣᠭᠤᠷ ᠬᠤᠳᠠᠯᠳᠤᠨ ᠠᠪᠬᠤ ᠪᠣᠯ | ᠨᠢᠩᠴᠧᠩ ᠰᠢᠶᠠᠨ ᠤ ᠬᠡᠰᠡᠭ ᠲᠥᠬᠦᠭᠡᠷᠦᠮᠵᠢᠲᠦ ᠲᠠᠷᠢᠶᠠᠯᠠᠩ ᠤᠨ ᠰᠠᠷᠠᠪᠴᠢ ᠶᠢᠨ ᠵᠢᠯ ᠤᠨ ᠬᠤᠭᠤᠴᠠᠭ᠎ᠠ ᠨᠡᠯᠢᠶᠡᠳ | ᠣᠷᠳᠣ᠂ ᠬᠥᠷᠥᠰᠥ ᠰᠢᠷᠣᠶ ᠶᠢ ᠵᠠᠯᠭᠠᠯᠳᠤᠭᠤᠯᠤᠨ ᠬᠠᠷᠰᠢ ᠰᠠᠭᠠᠳ ᠪᠣᠯᠬᠤ ᠠᠰᠠᠭᠤᠳᠠᠯ ᠨᠡᠯᠢᠶᠡᠳ ᠲᠣᠪᠤᠶᠢᠮ᠎ᠠ | ᠵᠢᠴᠢ ᠬᠡᠰᠡᠭ ᠲᠠᠷᠢᠶᠠᠴᠢᠨ ᠡᠷᠦᠬᠡ ᠶᠢᠨ ᠰᠣᠬᠤᠷ ᠪᠠᠯᠠᠶ ᠪᠠᠷ ᠪᠣᠷᠲᠣᠭᠤᠷ ᠣᠷᠣᠭᠤᠯᠵᠤ ᠪᠠᠶᠢᠭ᠎ᠠ ᠣᠳᠣᠬᠢ | ᠪᠠᠶᠢᠳᠠᠯ ᠳᠤ ᠰᠠᠭᠤᠷᠢᠯᠠᠨ᠂ ᠬᠠᠨᠳᠤᠯᠭᠠᠲᠤ ᠴᠢᠨᠠᠷᠲᠠᠶ ᠪᠠᠷ ᠥᠷᠨᠢᠭᠦᠯᠦᠭᠰᠡᠨ ᠪᠣᠷᠲᠣᠭᠤᠷ ᠤᠨ ᠲᠤᠷᠰᠢᠯᠲᠠ ᠪᠣᠯᠤᠨ᠎ᠠ᠂ | ᠬᠥᠷᠥᠰᠥ ᠰᠢᠷᠣᠶ ᠶᠢ ᠬᠡᠮᠵᠢᠨ ᠨᠠᠶᠢᠷᠠᠯᠭ᠎ᠠ ᠲᠠᠢ ᠪᠤᠷᠳᠤᠭᠤᠷ ᠣᠷᠣᠭᠤᠯᠬᠤ ᠮᠡᠷᠭᠡᠵᠢᠯ ᠬᠢᠭᠡᠳ ᠭᠤᠷᠪᠠᠨ ᠰᠢᠨ᠎ᠡ | ᠮᠡᠷᠭᠡᠵᠢᠯ ᠤᠨ ᠨᠡᠶᠢᠯᠡᠮᠡᠯ ᠥᠯᠢᠭᠡᠷ ᠵᠢᠱᠢᠶ᠎ᠡ ᠪᠠᠶᠢᠵᠤ᠂ ᠨᠢᠩᠴᠧᠩ ᠰᠢᠶᠠᠨ ᠤ ᠰᠢᠨᠵᠢᠯᠡᠬᠦ ᠤᠬᠠᠭᠠᠨᠴᠢ ᠪᠠᠷ ᠪᠤᠷᠳᠤᠭᠤᠷ | ᠣᠷᠣᠭᠤᠯᠵᠤ ᠦᠷ᠎ᠡ ᠠᠰᠢᠭ ᠢ ᠨᠡᠮᠡᠭᠳᠡᠭᠦᠯᠬᠦ ᠳᠤ ᠰᠢᠨ᠎ᠡ ᠰᠡᠳᠬᠢᠴᠡ ᠪᠠ ᠰᠢᠨ᠎ᠡ ᠠᠷᠭ᠎ᠠ ᠵᠠᠮ ᠬᠠᠩᠭᠠᠨ᠎ᠠ᠃ |