| ᠤᠢᠢᠷ᠎ᠠ ᠳᠤ᠂ 2024 ᠣᠨ ᠤ ᠪᠦᠬᠦ ᠬᠤᠳᠠ ᠶᠢᠨ ᠵᠢᠭᠠᠰᠤᠨ ᠠᠵᠤ ᠠᠬᠤᠢ ᠶᠢᠨ ᠠᠶᠤᠯᠭᠦᠢ | ᠦᠢᠯᠡᠳᠪᠦᠷᠢᠯᠡᠯ ᠤᠨ ᠪᠣᠯᠪᠠᠰᠤᠷᠠᠯ ᠵᠢᠴᠢ ᠤᠰᠤᠨ ᠳᠡᠭᠡᠷᠡᠬᠢ ᠠᠪᠤᠷᠠᠨ ᠲᠤᠰᠠᠯᠠᠬᠤ ᠪᠠᠴᠢᠮ ᠪᠠᠶᠢᠳᠠᠯ ᠢ ᠠᠷᠭᠠᠴᠠᠬᠤ | ᠰᠣᠷᠢᠯᠲᠠ ᠶᠢᠨ ᠲᠤᠬᠠᠢ ᠶᠢᠨ ᠲᠠᠯᠠᠪᠠᠢ ᠶᠢᠨ ᠬᠤᠷᠠᠯ ᠨᠢᠩᠴᠧᠩ ᠰᠢᠶᠠᠨ ᠤ ᠬᠤᠷᠬᠤᠭ ᠤᠨ ᠭᠤᠣᠯ ᠪᠠᠯᠭᠠᠰᠤᠨ ᠤ ᠽᠢ | ᠮᠧᠩ ᠨᠠᠭᠤᠷ ᠲᠤ ᠬᠤᠷᠠᠯᠳᠤᠪᠠ᠃ ᠬᠤᠲᠠ ᠶᠢᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ | ᠤᠷᠤᠨ ᠤ ᠲᠣᠪᠴᠢᠶ᠎ᠠ᠂ ᠡᠯ᠎ᠡ ᠬᠤᠰᠢᠭᠤ ᠰᠢᠶᠠᠨ ᠲᠣᠭᠤᠷᠢᠭ ᠤᠨ ᠵᠢᠭᠠᠰᠤᠨ ᠠᠵᠤ ᠠᠬᠤᠢ ᠶᠢᠨ | ᠦᠢᠯᠡᠳᠪᠦᠷᠢᠯᠡᠯ ᠤᠨ ᠬᠠᠮᠢᠶ᠎ᠠ ᠪᠦᠬᠦᠢ ᠬᠠᠷᠢᠭᠤᠴᠠᠯᠭᠠᠲᠠᠨ 50 ᠭᠠᠷᠤᠶ ᠬᠥᠮᠦᠨ ᠬᠤᠷᠠᠯ ᠳᠤ ᠣᠷᠣᠯᠴᠠᠪᠠ᠃ | ᠲᠤᠬᠠᠢ ᠶᠢᠨ ᠲᠠᠯᠠᠪᠠᠢ ᠶᠢᠨ ᠬᠤᠷᠠᠯ ᠨᠢ ᠡᠯᠪᠡᠭ ᠬᠤᠷᠢᠶᠠᠯᠲᠠ ᠶᠢᠨ ᠪᠠᠶᠠᠷ ᠢ ᠪᠡᠯᠭᠡᠯᠡᠬᠦ ᠠᠵᠢᠯᠯᠠᠭ᠎ᠠ ᠲᠠᠢ | ᠣᠷᠭᠠᠨᠢᠭ ᠢᠶᠠᠷ ᠤᠶᠠᠯᠳᠤᠭᠤᠯᠵᠤ᠂ ᠽᠢ ᠮᠧᠩ ᠬᠤ᠋ ᠨᠠᠭᠤᠷ ᠤᠨ ᠵᠢᠭᠠᠰᠤ ᠠᠩᠨᠠᠬᠤ ᠪᠠᠶᠢᠳᠠᠯ᠂ ᠽᠢ ᠮᠧᠩ ᠬᠤ᠋ | ᠨᠠᠭᠤᠷ ᠤᠨ ᠤᠰᠤᠨ ᠭᠠᠷᠤᠯᠲᠠ ᠶᠢᠨ ᠲᠠᠨᠢᠯᠴᠠᠭᠤᠯᠭ᠎ᠠ ᠵᠢᠴᠢ ᠠᠮᠢᠳᠤ ᠵᠢᠭᠠᠰᠤ ᠶᠢ ᠦᠨ᠎ᠡ ᠬᠠᠶᠠᠨ ᠬᠤᠳᠠᠯᠳᠤᠬᠤ᠂ | ᠡᠯᠪᠡᠭ ᠬᠤᠷᠢᠶᠠᠯᠲᠠ ᠶᠢᠨ ᠪᠠᠶᠠᠷ ᠤᠨ ᠵᠢᠭᠠᠰᠤᠨ ᠤ ᠳᠠᠶᠢᠯᠠᠯᠭ᠎ᠠ ᠵᠡᠷᠭᠡ ᠤᠨᠴᠠᠯᠢᠬᠳᠤ ᠠᠵᠢᠯᠯᠠᠭ᠎ᠠ ᠶᠢ | ᠰᠣᠨᠢᠷᠬᠠᠬᠤ ᠪᠠᠷ ᠳᠠᠮᠵᠢᠭᠤᠯᠤᠨ᠂ ᠤᠯᠠᠨ ᠠᠷᠭ᠎ᠠ ᠬᠡᠯᠪᠡᠷᠢ᠂ ᠤᠯᠠᠨ ᠲᠡᠰ ᠳᠠᠪᠬᠤᠷᠭ᠎ᠠ᠂ ᠪᠦᠬᠦ ᠲᠠᠯ᠎ᠠ ᠪᠠᠷ | ᠵᠢᠭᠠᠰᠤᠨ ᠠᠵᠤ ᠠᠬᠤᠢ ᠶᠢᠨ ᠰᠣᠶᠣᠯ ᠢ ᠪᠠᠳᠠᠷᠠᠭᠤᠯᠵᠤ᠂ ᠵᠢᠭᠠᠰᠤᠨ ᠠᠵᠤ ᠠᠬᠤᠢ ᠶᠢᠨ ᠠᠵᠤ ᠦᠢᠯᠡᠰ ᠤᠨ ᠴᠢᠨᠠᠷ | ᠰᠠᠶᠢᠲᠠᠢ ᠬᠥᠭᠵᠢᠯᠲᠡ ᠶᠢ ᠠᠬᠢᠭᠤᠯᠪᠠ᠃ | ᠪᠣᠯᠪᠠᠰᠤᠷᠠᠯ ᠤᠨ ᠲᠤᠬᠠᠢ ᠶᠢᠨ ᠲᠠᠯᠠᠪᠠᠢ ᠳᠤ᠂ ᠨᠢᠩᠴᠧᠩ ᠰᠢᠶᠠᠨ ᠤ ᠤᠯᠠᠭᠠᠨ ᠵᠠᠭᠠᠯᠮᠠᠶᠢᠳᠠᠨ ᠤ | ᠨᠡᠶᠢᠭᠡᠮᠯᠢᠭ ᠤᠨ ᠬᠢᠨ ᠪᠣᠯᠪᠠᠰᠤᠷᠠᠯ ᠤᠨ ᠬᠥᠮᠦᠰ ᠲᠤ ᠵᠢᠭᠠᠰᠤᠨ ᠠᠵᠤ ᠠᠬᠤᠢ ᠶᠢᠨ ᠠᠶᠤᠯᠭᠦᠢ ᠦᠢᠯᠡᠳᠪᠦᠷᠢᠯᠡᠯ | ᠵᠢᠴᠢ ᠤᠰᠤᠨ ᠠᠶᠤᠯ ᠤᠨ ᠲᠦᠷᠭᠡᠨ ᠠᠪᠤᠷᠠᠬᠤ ᠮᠡᠳᠡᠯᠭᠡ ᠶᠢ ᠲᠠᠶᠢᠯᠪᠤᠷᠢᠯᠠᠪᠠ᠃ ᠲᠤᠬᠠᠢ ᠶᠢᠨ ᠲᠠᠯᠠᠪᠠᠢ ᠳᠤ | ᠪᠣᠯᠪᠠᠰᠤᠷᠠᠯ ᠪᠠ ᠰᠣᠷᠢᠯᠲᠠ ᠪᠠᠷ ᠳᠠᠮᠵᠢᠨ᠂ ᠣᠩᠭᠤᠴᠠᠴᠢᠨ ᠤ ᠵᠢᠭᠠᠰᠤᠨ ᠠᠵᠤ ᠠᠬᠤᠢ ᠶᠢᠨ ᠠᠶᠤᠯᠭᠦᠢ | ᠦᠢᠯᠡᠳᠪᠦᠷᠢᠯᠡᠯ ᠤᠨ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠪᠠ ᠠᠪᠤᠷᠠᠨ ᠲᠤᠰᠠᠯᠠᠬᠤ ᠴᠢᠳᠠᠪᠤᠷᠢ ᠶᠢ | ᠪᠦᠲᠦᠮᠵᠢᠲᠡᠢ ᠳᠡᠭᠡᠭᠰᠢᠯᠡᠭᠦᠯᠵᠦ᠂ ᠵᠢᠭᠠᠰᠤᠨ ᠠᠵᠤ ᠠᠬᠤᠢ ᠶᠢᠨ ᠣᠩᠭᠤᠴᠠ ᠰᠠᠯ ᠤᠨ ᠤᠰᠤᠨ ᠳᠡᠭᠡᠷᠡᠬᠢ ᠠᠮᠤᠷ | ᠲᠦᠪᠰᠢᠨ ᠤ ᠠᠳᠡᠯ ᠢ ᠤᠷᠢᠳᠴᠢᠯᠠᠨ ᠰᠡᠷᠭᠡᠶᠢᠯᠡᠬᠦ ᠪᠠ ᠰᠢᠢᠳᠪᠦᠷᠢᠯᠡᠬᠦ᠂ ᠵᠢᠭᠠᠰᠤᠴᠢᠨ ᠤ ᠠᠮᠢ ᠨᠠᠰᠤ ᠪᠠ ᠡᠳ᠋ | ᠬᠥᠷᠥᠩᠭᠡ ᠶᠢᠨ ᠠᠮᠤᠷ ᠲᠦᠪᠰᠢᠨ ᠢ ᠪᠠᠲᠤᠯᠠᠬᠤ ᠳᠤ ᠢᠳᠡᠪᠬᠢᠲᠡᠢ ᠠᠬᠢᠭᠤᠯᠬᠤ ᠦᠢᠯᠡᠳᠦᠯ ᠦᠵᠡᠭᠦᠯᠪᠡ᠃ | |