ᠨᠢᠩᠴᠧᠩ ᠰᠢᠶᠠᠨ ᠬᠤᠳᠠᠯᠳᠤᠭ᠎ᠠ ᠡᠷᠬᠢᠯᠡᠬᠦ ᠣᠷᠴᠢᠨ ᠲᠣᠭᠤᠷᠢᠨ ᠢ ᠦᠷᠭᠦᠯᠵᠢᠯᠡᠨ ᠰᠢᠯᠢᠳᠡᠭᠵᠢᠭᠦᠯᠵᠦ  ᠠᠵᠤ ᠠᠬᠤᠶᠢᠯᠠᠯ ᠤᠨ ᠬᠥᠭᠵᠢᠯᠲᠡ ᠶᠢᠨ ᠰᠢᠨ᠎ᠡ ᠬᠥᠳᠡᠯᠭᠡᠬᠦ ᠬᠦᠴᠦᠨ ᠢ ᠬᠦᠭᠵᠢᠬᠡᠨ᠎ᠡ
ᠨᠡᠶᠢᠲᠡᠯᠡᠭᠰᠡᠨ ᠴᠠᠭ᠄
2024/9/28
           ᠨᠢᠭᠡ ᠲᠠᠯ᠎ᠠ ᠪᠠᠷ᠂ ᠠᠵᠤ ᠠᠬᠤᠶᠢᠯᠠᠯ ᠤᠨ ᠵᠣᠪᠠᠨᠢᠯ ᠢ ᠬᠤᠪᠢᠶᠠᠯᠴᠠᠬᠤ ︽ᠵᠣᠬᠢᠴᠠᠭᠤᠯᠤᠭᠴᠢ︾ ᠪᠣᠯᠬᠤ ᠪᠠᠷ  ᠴᠢᠷᠮᠠᠶᠢᠨ᠎ᠠ᠃ ᠬᠠᠷᠢᠶᠠᠲᠤ ᠣᠷᠣᠨ ᠤ ᠬᠠᠮᠢᠶᠠᠷᠤᠯᠲᠠ᠂ ᠡᠷᠴᠢᠮᠵᠢᠭᠦᠯᠦᠭᠰᠡᠨ ᠦᠢᠯᠡᠴᠢᠯᠡᠭᠡᠨ ᠤ ᠰᠡᠳᠬᠢᠴᠡ ᠶᠣᠰᠣᠭᠠᠷ  ᠂ ︽1+N︾ ᠺᠠᠳ᠋ᠷ ᠠᠵᠤ ᠠᠬᠤᠶᠢᠯᠠᠯ ᠢ ᠳᠠᠭᠠᠭᠠᠴᠢᠯᠠᠬᠤ ᠠᠵᠢᠯ ᠤᠨ ᠲᠣᠭᠲᠠᠴᠠ ᠶᠢ ᠪᠦᠷᠢᠨᠰᠢᠭᠦᠯᠦᠨ  ᠲᠡᠭᠦᠯᠳᠡᠷᠵᠢᠭᠦᠯᠵᠦ᠂ ᠬᠠᠷᠢᠶ᠎ᠠ ᠣᠷᠣᠨ ᠤ ᠠᠵᠤ ᠠᠬᠤᠶᠢᠯᠠᠯ ᠤᠨ ᠰᠤᠷᠪᠤᠯᠵᠢᠯᠠᠭ᠎ᠠ ᠶᠢ ᠵᠣᠯᠭᠠᠭᠤᠯᠬᠤ ᠶᠢ ᠴᠢᠩᠭ᠎ᠠ  ᠠᠩᠬᠠᠷᠴᠤ᠂ ᠰᠠᠨᠠᠭᠠᠴᠢᠯᠠᠭ᠎ᠠ ᠠᠴᠠ ᠪᠠᠨ ᠠᠵᠤ ᠠᠬᠤᠶᠢᠯᠠᠯ ᠤᠨ ᠬᠦᠰᠡᠯ ᠱᠠᠭᠠᠷᠳᠠᠯᠭ᠎ᠠ ᠶᠢ ᠠᠭᠤᠳᠠᠯᠵᠤ᠂ ᠵᠠᠰᠠᠭ  ᠠᠵᠤ ᠠᠬᠤᠶᠢᠯᠠᠯ ᠰᠡᠳᠬᠢᠯ ᠨᠢᠭᠡᠲᠦᠨ ᠬᠦᠴᠦ ᠪᠠᠨ ᠬᠠᠮᠲᠤᠳᠬᠠᠵᠤ᠂ ᠬᠠᠮᠵᠢᠯᠴᠠᠨ ᠤᠷᠤᠭᠰᠢᠯᠠᠭᠰᠠᠨ ᠥᠨᠳᠥᠷ  ᠪᠦᠲᠦᠮᠵᠢᠲᠡᠶ ᠦᠢᠯᠡᠴᠢᠯᠡᠭᠡᠨ ᠤ ᠵᠠᠭᠪᠤᠷ ᠢ ᠪᠣᠶ ᠪᠣᠯᠭᠠᠨ᠎ᠠ᠃ ᠡᠨᠡ ᠵᠢᠯ ᠠᠴᠠ ᠨᠠᠰᠢ᠂ ᠪᠥᠬᠦ ᠰᠢᠶᠠᠨ ᠤ  ᠤᠳᠤᠷᠢᠳᠬᠤ ᠺᠠᠳ᠋ᠷ ᠨᠡᠶᠢᠲᠡ 85 ᠠᠵᠤ ᠠᠬᠤᠶᠢᠯᠠᠯ ᠢ 400 ᠭᠠᠷᠤᠶ ᠤᠳᠠᠭ᠎ᠠ ᠰᠤᠷᠪᠤᠯᠵᠢᠯᠠᠵᠤ᠂ ᠠᠵᠤ  ᠠᠬᠤᠶᠢᠯᠠᠯ ᠤᠨ ᠰᠠᠨᠠᠯ ᠰᠠᠨᠠᠭᠤᠯᠭ᠎ᠠ ᠶᠢ 400 ᠭᠠᠷᠤᠶ ᠵᠤᠷᠪᠤᠰ ᠴᠤᠭᠯᠠᠭᠤᠯᠵᠤ᠂ ᠠᠵᠤ ᠠᠬᠤᠶᠢᠯᠠᠯ ᠢ ᠬᠠᠪᠰᠤᠷᠤᠨ  ᠠᠵᠢᠯᠴᠢᠨ ᠬᠡᠷᠡᠭᠯᠡᠬᠦ᠂ ᠤᠰᠤ ᠬᠡᠷᠡᠭᠯᠡᠬᠦ᠂ ᠴᠠᠬᠢᠯᠭᠠᠨ ᠬᠡᠷᠡᠭᠯᠡᠬᠦ᠂ ᠪᠠᠯᠠ ᠳᠣᠭᠢᠷᠠᠭᠤᠯᠬᠤ ᠵᠡᠷᠭᠡ ᠪᠣᠳᠠᠲᠠᠶ  ᠠᠰᠠᠭᠤᠳᠠᠯ ᠢ 300 ᠭᠠᠷᠤᠶ ᠬᠠᠪᠰᠤᠷᠤᠨ ᠰᠢᠢᠳᠪᠤᠷᠢᠯᠡᠪᠡ᠃ ᠨᠥᠭᠦᠭᠡ ᠲᠠᠯ᠎ᠠ ᠪᠠᠷ᠂ ᠠᠵᠤ ᠠᠬᠤᠶᠢᠯᠠᠯ ᠢ  ᠲᠤᠰᠠᠯᠠᠬᠤ ᠬᠥᠭᠵᠢᠯᠲᠡ ᠶᠢᠨ ︽ᠦᠢᠯᠡᠴᠢᠯᠡᠭᠴᠢ︾ ᠪᠣᠯᠬᠤ ᠪᠠᠷ ᠴᠢᠷᠮᠠᠶᠢᠨ᠎ᠠ᠃ ︽ᠶᠡᠷᠦᠩᠬᠡᠶᠢᠯᠡᠭᠰᠡᠨ ᠴᠣᠩᠬᠤ ᠪᠠᠷ  ᠭᠥᠯᠢᠶᠡᠨ ᠠᠪᠴᠤ ᠰᠢᠢᠳᠪᠤᠷᠢᠯᠡᠬᠦ︾ ᠵᠠᠭᠪᠤᠷ ᠢᠶᠠᠷ ᠳᠠᠮᠵᠢᠭᠤᠯᠤᠨ᠂ ︽ᠨᠢᠭᠡ ᠯᠡ ᠥᠷᠲᠡᠭᠡᠨ ᠤ ᠮᠠᠶ᠋ᠢᠭ ᠢᠶᠠᠷ   ᠭᠦᠢᠴᠡᠳᠭᠡᠬᠦ︾ ᠶᠢ ᠪᠡᠶᠡᠯᠡᠭᠦᠯᠵᠦ᠂ ᠠᠵᠤ ᠠᠬᠤᠶᠢᠯᠠᠯ ᠵᠢᠴᠢ ᠬᠤᠪᠢ ᠶᠢᠨ  ᠦᠢᠯᠡᠳᠪᠤᠷᠢ ᠬᠤᠳᠠᠯᠳᠤᠭᠠᠨ ᠤ  ᠡᠷᠦᠬᠡ ᠶᠢᠨ ᠡᠯ᠎ᠡ ᠵᠤᠶᠢᠯ ᠤᠨ ᠲᠤᠬᠠᠶᠢᠯᠠᠭᠰᠠᠨ ᠠᠵᠢᠯ ᠢᠶᠠᠨ ᠭᠦᠢᠴᠡᠳᠭᠡᠬᠦ ᠳᠤ ᠨᠠᠩ ᠤᠷᠤᠭᠰᠢᠲᠠᠶ ᠪᠥᠭᠡᠳ  ᠥᠨᠳᠥᠷ ᠪᠦᠲᠦᠮᠵᠢᠲᠡᠶ ᠪᠠᠶᠢᠬᠤ ᠶᠢ ᠦᠨᠡᠨᠬᠦ ᠪᠠᠲᠤᠯᠠᠪᠠ᠃ ᠡᠭᠦᠨ ᠤ ᠬᠠᠮᠲᠤ᠂ ︽ᠮᠣᠩᠭᠤᠯ ᠴᠢᠳᠠᠮᠵᠢ︾  APP ᠶᠢ ᠶᠡᠭᠡ ᠪᠠᠷ ᠳᠡᠯᠭᠡᠷᠡᠭᠦᠯᠦᠨ ᠬᠡᠷᠡᠭᠯᠡᠵᠦ᠂ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ᠂ ᠬᠠᠤᠯᠢ  ᠴᠠᠭᠠᠵᠠ ᠶᠢᠨ ᠦᠢᠯᠡᠴᠢᠯᠡᠭᠡ᠂ ᠲᠥᠷᠥ ᠶᠢᠨ ᠪᠣᠳᠣᠯᠭ᠎ᠠ ᠶᠢᠨ ᠦᠢᠯᠡᠴᠢᠯᠡᠭᠡ ᠵᠡᠷᠭᠡ ᠣᠯᠠᠨ ᠵᠦᠢᠯ ᠤᠨ  ᠲᠤᠬᠠᠶᠢᠯᠠᠭᠰᠠᠨ ᠠᠵᠢᠯ ᠢ ᠬᠡᠷ ᠠᠴᠠ ᠪᠠᠨ ᠭᠠᠷᠬᠤ ᠥᠬᠡᠶ ᠪᠠᠷ ᠭᠦᠢᠴᠡᠳᠬᠡᠵᠦ ᠪᠣᠯᠤᠨ᠎ᠠ᠃ ᠣᠲᠣ ᠪᠣᠯᠲᠠᠯ᠎ᠠ᠂ ︽  ᠶᠡᠷᠦᠩᠬᠡᠶᠢᠯᠡᠭᠰᠡᠨ ᠴᠣᠩᠬᠤ ᠪᠠᠷ ᠭᠥᠯᠢᠶᠡᠨ ᠠᠪᠴᠤ ᠰᠢᠢᠳᠪᠤᠷᠢᠯᠡᠬᠦ︾ ᠵᠠᠭᠪᠤᠷ ᠨᠢ ᠨᠢᠭᠡᠨᠲᠡ 300 ᠭᠠᠷᠤᠶ ᠠᠵᠤ  ᠠᠬᠤᠶᠢᠯᠠᠯ ᠤᠨ ᠬᠤᠳᠠᠯᠳᠤᠭᠠᠨ ᠤ ᠡᠷᠦᠬᠡ ᠳᠤ ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ ᠡᠯ᠎ᠡ ᠵᠤᠶᠢᠯ ᠤᠨ  ᠬᠡᠷᠡᠭ ᠶᠠᠪᠤᠳᠠᠯ ᠢ 1600 ᠭᠠᠷᠤᠶ ᠭᠦᠢᠴᠡᠳᠭᠡᠪᠡ᠃   
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号