ᠭᠡᠤᠭᠡᠤᠨ ᠲᠤ ᠴᠤᠺᠤᠯᠡᠳ᠋ ᠴᠦᠭᠡᠨ ᠢᠲᠡᠭᠦᠯᠦᠭᠡᠷᠡᠢ
ᠨᠡᠶᠢᠲᠡᠯᠡᠭᠰᠡᠨ ᠴᠠᠭ᠄
2015/6/12
       ᠤᠩᠰᠢᠭᠴᠢ᠄ ᠬᠡᠦᠭᠡᠳ ᠴᠤᠺᠤᠯᠠᠳ᠋ ᠢᠳᠡᠨ᠎ᠠ  ᠭᠡᠵᠦ  ᠤᠷᠢᠯᠠᠭᠠᠳ  ᠪᠤᠯᠬᠤ  ᠦᠭᠡᠢ᠃  ᠤᠢ  ᠦᠩᠭᠡᠷᠡᠵᠦ  ᠪᠠᠶᠢᠭ᠎ᠠ ᠬᠡᠦᠭᠡᠳ ᠲᠤ ᠴᠤᠺᠤᠯᠠᠳ᠋ ᠢᠳᠡᠭᠦᠯᠵᠦ ᠪᠤᠯᠤᠨ᠎ᠠ ᠦᠦ︖        ᠰᠢᠮ᠎ᠠ ᠲᠡᠵᠢᠭᠡᠯ ᠤᠨ ᠲᠤᠰᠬᠠᠢ ᠮᠡᠷᠭᠡᠵᠢᠯᠳᠡᠨ᠄ ᠬᠡᠦᠭᠡᠳ 1 ᠨᠠᠰᠤᠨ ᠤ ᠲᠤᠳᠤᠷ᠎ᠠ ᠴᠤᠺᠤᠯᠠᠳ᠋ ᠢᠳᠡᠵᠦ ᠪᠤᠯᠬᠤ ᠦᠭᠡᠢ᠃ ᠬᠡᠦᠭᠡᠳ ᠬᠡᠳᠦᠢ ᠦᠭᠡᠯᠡᠢ ᠪᠤᠯᠪᠠᠯ ᠴᠤᠺᠤᠯᠠᠳ᠋ ᠢᠳᠡᠵᠦ ᠪᠤᠯᠬᠤ ᠲᠤᠬᠠᠢ ᠲᠤᠳᠤᠷᠬᠠᠢ ᠲᠤᠭᠳᠠᠭᠠᠯ  ᠪᠠᠶᠢᠬᠤ  ᠦᠭᠡᠢ᠂  ᠶᠡᠷᠦ ᠶᠢᠨ ᠪᠠᠶᠢᠳᠠᠯ ᠲᠤᠤᠷ᠎ᠠ 2 ᠨᠠᠰᠤᠨ ᠠᠴᠠ ᠰᠡᠭᠦᠯᠡᠷ ᠴᠤᠺᠤᠯᠠᠳ᠋ ᠢᠳᠡᠭᠦᠯᠪᠡᠯ ᠵᠤᠬᠢᠨ᠎ᠠ ᠭᠡᠵᠦ ᠰᠠᠨᠠᠭᠤᠯᠵᠤ ᠪᠤᠢ᠃ 2 ᠨᠠᠰᠤ ᠬᠦᠷᠦᠭᠰᠡᠨ ᠴᠦ ᠴᠤᠺᠤᠯᠠᠳ᠋ ᠢ  ᠴᠦᠬᠡᠨ  ᠢᠳᠡᠭᠦᠯᠬᠦ  ᠬᠡᠷᠡᠭᠳᠡᠢ᠃  ᠡᠩ  ᠲᠦᠷᠦᠭᠦᠨ ᠳᠤ᠂  ᠴᠤᠺᠤᠯᠠᠳ᠋ ᠤᠨ ᠲᠤᠳᠤᠷ᠎ᠠ ᠺᠤᠹᠧᠶ᠋ᠢᠨ ᠠᠭᠤᠯᠤᠭᠳᠠᠵᠤ᠂ ᠬᠦᠭᠡᠷᠦᠯᠳᠡ ᠶᠢᠨ ᠴᠢᠨᠠᠷᠳᠠᠢ ᠦᠢᠯᠡᠳᠦᠯ ᠭᠠᠷᠭᠠᠵᠤ᠂  ᠬᠡᠦᠭᠡᠳ ᠤᠨ  ᠬᠡᠪ ᠤᠨ  ᠤᠨᠳᠠᠵᠤ ᠠᠮᠠᠷᠠᠬᠤ ᠶᠢ ᠨᠦᠯᠦᠭᠡᠯᠡᠨ᠎ᠠ᠃ ᠲᠠᠷᠠᠭ᠎ᠠ ᠨᠢ᠂ ᠤᠯᠤᠰ ᠤᠨ ᠲᠤᠳᠤᠭᠠᠳᠤ ᠳᠤ  ᠦᠢᠯᠡᠳᠪᠦᠷᠢᠯᠡᠭᠰᠡᠨ  ᠴᠤᠺᠤᠯᠠᠳ᠋ ᠤᠨ  ᠤᠯᠠᠩᠭᠢ ᠨᠢ ᠶᠡᠭᠡ ᠬᠡᠮᠵᠢᠶᠡᠨ ᠤ ᠰᠢᠬᠢᠷ ᠠᠭᠤᠯᠤᠭᠳᠠᠵᠤ᠂ 2 ᠨᠠᠰᠤ ᠭᠠᠷᠤᠢ ᠶᠢᠨ ᠬᠡᠦᠭᠡᠳ ᠬᠡᠳᠦ ᠠᠷᠪᠢᠨ ᠰᠢᠬᠢᠷ ᠢᠳᠡᠵᠦ ᠰᠤᠷᠪᠠᠯ  ᠰᠢᠬᠢᠷᠯᠢᠭ ᠢᠳᠡᠭᠡᠨ ᠢ ᠯᠡ ᠢᠳᠡᠬᠦ ᠮᠠᠭᠤ ᠲᠠᠳᠬᠠᠯ ᠲᠠᠢ ᠪᠤᠯᠤᠨ᠎ᠠ᠃ ᠲᠠᠬᠢᠪᠠᠯ᠂ ᠴᠤᠺᠤᠯᠠᠳ᠋ ᠤᠨ ᠰᠢᠮ᠎ᠠ ᠲᠡᠵᠢᠭᠡᠯ ᠤᠨ  ᠦᠷᠳᠡᠭ ᠨᠢ  ᠦᠨᠳᠦᠷ ᠪᠢᠰᠢ᠂ ᠡᠨᠧᠷᠬᠢ ᠦᠨᠳᠦᠷ᠂ ᠦᠭᠡᠬᠦ ᠦᠨᠳᠦᠷ᠂ ᠬᠡᠦᠭᠡᠳ ᠬᠡᠷᠪᠡ  ᠬᠤᠭᠤᠯᠠᠨ ᠠᠴᠠ  ᠡᠮᠦᠨ᠎ᠠ  ᠢᠳᠡᠪᠡᠯ  ᠢᠳᠡᠭᠡᠨ ᠤ  ᠲᠤᠷᠠᠰᠢᠯ ᠢ ᠨᠦᠯᠦᠭᠡᠯᠡᠵᠦ᠂ ᠬᠡᠪ ᠤᠨ ᠢᠳᠡᠭᠡᠨ ᠤᠮᠳᠠᠭᠠᠨ ᠤ ᠡᠮᠬᠢ ᠵᠢᠷᠤᠮ ᠢ ᠨᠢ ᠨᠦᠯᠦᠭᠡᠯᠡᠨ᠎ᠠ᠂ ᠠᠭᠠᠵᠢᠮ ᠳᠠᠭᠠᠨ ᠬᠤᠭᠤᠯᠠ ᠭᠤᠯᠤᠬᠤ ᠮᠠᠭᠤ ᠲᠠᠳᠬᠠᠯ ᠲᠠᠢ ᠪᠤᠯᠵᠤ᠂ ᠬᠡᠦᠭᠡᠳ ᠤᠨ ᠦᠰᠦᠨ ᠪᠤᠶᠢᠵᠢᠯᠳᠠ ᠳᠤ  ᠠᠰᠢᠭ  ᠦᠭᠡᠢ᠃  ᠡᠶᠢᠮᠦ ᠠᠴᠠ  ᠬᠡᠦᠭᠡᠳ ᠲᠤ  ᠴᠤᠺᠤᠯᠠᠳ᠋ ᠢ ᠴᠦᠬᠡᠨ ᠢᠳᠡᠭᠦᠯᠪᠡᠯ ᠵᠤᠬᠢᠨ᠎ᠠ᠃  
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号