| ᠨᠢᠭᠡ ᠡᠳᠣᠷ ᠲᠤ ᠬᠦᠮᠣᠨ ᠤ ᠪᠡᠶ᠎ᠡ ᠶᠢᠨ ᠴᠢᠰᠣᠨ ᠰᠢᠩᠭᠡᠨ ᠤ ᠨᠢᠯᠴᠠᠭᠠᠢ ᠬᠡᠮᠵᠢᠶ᠎ᠡ ᠬᠠᠮᠤᠭ | ᠦᠨᠳᠣᠷ ᠦᠶ᠎ᠡ ᠪᠣᠯ ᠦᠷᠯᠣᠭᠡ ᠡᠷᠳᠡ ᠶᠢᠨ 4 — 8 ᠴᠠᠭ ᠤᠨ ᠬᠤᠭᠤᠷᠣᠨᠳᠣ ᠪᠠᠶᠢᠳᠠᠭ᠂ ᠡᠶᠢᠮᠣ ᠠᠴᠠ | ᠣᠯᠠᠩᠬᠢ ᠲᠠᠷᠢᠬᠢᠨ ᠰᠣᠳᠠᠯ ᠤᠨ ᠪᠦᠭᠯᠡᠷᠡᠯ ᠦᠷᠯᠣᠭᠡ ᠡᠷᠲᠡ ᠪᠣᠶᠣ ᠦᠳᠡ ᠶᠢᠨ ᠡᠮᠣᠨ᠎ᠡ ᠡᠭᠦᠰᠳᠡᠭ᠃ ᠬᠦᠮᠣᠰ | ᠣᠷᠣᠢ ᠣᠨᠲᠠᠬᠤ ᠦᠶ᠎ᠡ᠂ ᠣᠨᠴᠠᠭᠠᠶᠢᠯᠠᠨ ᠦᠲᠡᠯᠣᠭᠡ ᠨᠠᠰᠣᠨ ᠤ ᠬᠦᠮᠣᠰ ᠣᠷᠣᠢ ᠣᠨᠲᠠᠬᠤ ᠠᠴᠠ ᠡᠮᠣᠨ᠎ᠡ | 200ml ᠣᠰᠣ ᠣᠣᠭᠤᠪᠠᠯ᠂ ᠲᠠᠷᠠᠭ᠎ᠠ ᠦᠷᠯᠣᠭᠡ ᠪᠣᠯᠬᠤ ᠳᠤ ᠴᠢᠰᠣᠨ ᠤ ᠨᠢᠯᠴᠠᠭᠠᠢ ᠬᠡᠮᠵᠢᠶ᠎ᠡ ᠲᠡᠭᠡᠰᠢᠯᠡᠬᠦ | ᠦᠭᠡᠢ ᠮᠦᠷᠲᠡᠭᠡᠨ ᠪᠠᠭ᠎ᠠ ᠲᠣᠷᠣᠭᠰᠢᠯᠠᠳᠠᠭ ᠃ ᠡᠮᠨᠡᠯᠭᠡ ᠶᠢᠨ ᠲᠠᠯ᠎ᠠ ᠬᠢᠨ ᠤ ᠦᠵᠡᠬᠦ ᠪᠠᠷ ᠣᠷᠣᠢ ᠣᠰᠣ | ᠣᠣᠭᠤᠬᠤ ᠨᠢ ᠴᠢᠰᠣᠨ ᠤ ᠨᠢᠯᠴᠠᠭᠠᠢ ᠬᠡᠮᠵᠢᠶ᠎ᠡ ᠶᠢ ᠪᠠᠭᠤᠷᠠᠭᠤᠯᠵᠣ᠂ ᠴᠢᠰᠣᠨ ᠤ ᠨᠡᠪᠲᠡᠷᠡᠯᠲᠡ ᠢ ᠪᠠᠳᠣᠯᠠᠬᠤ | ᠪᠣᠯᠬᠤᠷ ᠴᠢᠰᠣᠨ ᠤ ᠪᠦᠭᠯᠡᠷᠡᠯ ᠡᠭᠦᠰᠬᠦ ᠶᠢ ᠰᠡᠷᠭᠡᠶᠢᠯᠡᠨ᠎ᠡ ᠭᠡᠵᠣ ᠦᠵᠡᠵᠣ ᠪᠠᠶᠢᠨ᠎ᠠ᠃ ᠲᠠᠷᠢᠬᠢᠨ ᠰᠣᠳᠠᠯ ᠤᠨ | ᠪᠦᠭᠯᠡᠷᠡᠯ ᠤᠨ ᠰᠢᠯᠲᠠᠭᠠᠨ ᠣᠯᠠᠨ ᠪᠠᠶᠢᠬᠤ ᠪᠦᠭᠡᠳ ᠴᠢᠰᠣᠨ ᠤ ᠨᠢᠯᠴᠠᠭᠠᠢ ᠬᠡᠮᠵᠢᠶ᠎ᠡ ᠦᠨᠳᠣᠷᠵᠢᠬᠦ ᠪᠣᠯ | ᠵᠦᠪᠬᠡᠨ ᠨᠢᠭᠡ ᠵᠦᠢᠯ ᠤᠨ ᠰᠢᠯᠲᠠᠭᠠᠨ ᠪᠣᠯᠬᠤ ᠶᠣᠮ᠃ ᠭᠡᠪᠡᠴᠣ ᠣᠨᠲᠠᠬᠤ ᠠᠴᠠ ᠡᠮᠣᠨ᠎ᠡ ᠣᠰᠣ ᠣᠣᠭᠤᠬᠤ | ᠲᠠᠳᠬᠠᠯ ᠲᠠᠢ ᠪᠣᠯᠴᠢᠬᠠᠪᠠᠯ ᠲᠠᠷᠢᠬᠢᠨ ᠰᠣᠳᠠᠯ ᠤᠨ ᠪᠦᠭᠯᠡᠷᠡᠯ ᠢ ᠰᠡᠷᠭᠡᠶᠢᠯᠡᠬᠦ ᠳᠤ ᠴᠢᠬᠤᠯᠠ ᠦᠢᠯᠡᠳᠣᠯ | ᠦᠵᠡᠭᠦᠯᠵᠦ ᠴᠢᠳᠠᠨ᠎ᠠ᠃ | |