ᠰᠢᠬᠢᠷᠯᠢᠭ ᠢᠳᠡᠭᠡᠨ ᠠᠴᠠ ᠵᠠᠶᠢᠯᠠᠬᠤ ᠭᠡᠳᠦᠨ ᠴᠠᠭ
ᠨᠡᠶᠢᠲᠡᠯᠡᠭᠰᠡᠨ ᠴᠠᠭ᠄
2017/10/9
            ᠰᠢᠬᠢᠷᠯᠢᠭ ᠢᠳᠡᠭᠡᠨ ᠤᠯᠠᠩᠬᠢ ᠬᠦᠮᠦᠨ ᠤ ᠠᠮᠢᠳᠤᠷᠠᠯ ᠳᠤᠮᠳᠠ  ᠴᠢᠬᠤᠯᠠ  ᠪᠠᠶᠢᠷᠢ ᠲᠠᠢ᠂ ᠵᠠᠷᠢᠮᠠᠳ ᠨᠢ ᠴᠠᠭ ᠲᠠᠭᠠᠨ ᠠᠵᠢᠯ ᠠᠴᠠ ᠪᠠᠨ ᠪᠠᠭᠤᠵᠤ ᠲᠡᠶᠢᠯᠦᠭᠰᠡᠨ ᠦᠭᠡᠢ ᠠᠴᠠ ᠨᠢᠭᠡ ᠭᠡᠰᠡᠭ ᠴᠤᠺᠤᠯᠠᠳ᠋ ᠢᠶᠠᠷ ᠦᠯ ᠢᠶᠠᠨ  ᠳᠠᠷᠤᠬᠤ  ᠪᠤᠶᠤ  ᠰᠢᠬᠢᠷᠯᠢᠭ ᠢᠳᠡᠭᠡᠨ ᠬᠤᠳᠠᠯᠳᠤᠵᠤ ᠠᠪᠴᠢᠷᠠᠳᠠᠭ᠃ ᠭᠡᠶ᠎ᠡ ᠳᠤᠤᠷᠠᠬᠢ ᠭᠡᠳᠦᠨ ᠴᠠᠭ ᠲᠤ  ᠰᠢᠬᠢᠷᠯᠢᠭ  ᠢᠳᠡᠭᠡᠨ ᠢ  ᠦᠯᠦ  ᠢᠳᠡᠪᠡᠯ  ᠰᠠᠶᠢᠨ ᠪᠠᠶᠢᠳᠠᠭ᠃         ᠤᠨᠳᠠᠬᠤ ᠠᠴᠠ ᠡᠮᠦᠨ᠎ᠡ᠃ ᠤᠨᠳᠠᠬᠤ ᠠᠴᠠ ᠡᠮᠦᠨ᠎ᠡ ᠰᠢᠬᠢᠷᠯᠢᠢᠡ  ᠢᠳᠡᠭᠡᠨ  ᠢᠳᠡᠪᠡᠯ  ᠬᠤᠳᠤᠭᠤᠳᠤ  ᠪᠠ  ᠳᠠᠷᠢᠬᠢ ᠬᠦᠢᠴᠡᠳ ᠠᠮᠠᠷᠠᠬᠤ ᠶᠢ ᠨᠦᠯᠦᠭᠡᠯᠡᠨ᠂ ᠰᠢᠩᠭᠡᠭᠡᠯᠳᠡ  ᠪᠠ  ᠨᠦᠢᠷ ᠢ  ᠬᠠᠷᠰᠢᠯᠠᠬᠤ ᠶᠢᠨ  ᠬᠠᠮᠳᠤ  ᠠᠮᠠᠷᠬᠠᠨ ᠮᠠᠷᠢᠶᠠᠯᠠᠭᠤᠯᠳᠠᠭ᠃ ᠬᠤᠭᠤᠯᠠᠨ ᠠᠴᠠ ᠡᠮᠦᠨ᠎ᠡ᠃ ᠦᠯᠦᠨ ᠢᠶᠠᠷ ᠰᠢᠬᠢᠷ ᠢᠳᠡᠪᠡᠯ ᠴᠢᠰᠤᠨ ᠤ  ᠰᠢᠬᠢᠷ ᠢ  ᠢᠯᠡᠳᠳᠡ  ᠲᠡᠭᠡᠭᠰᠢᠯᠡᠬᠦᠯᠦᠨ᠂  ᠮᠠᠬᠠᠪᠤᠳ ᠡᠷᠡᠬᠦᠯ ᠴᠢᠬᠢᠷᠠᠭ ᠳᠤᠬᠢᠷᠠᠮᠵᠢᠳᠠᠢ ᠴᠢᠰᠤᠨ ᠰᠢᠬᠢᠷ ᠤᠨ ᠲᠦᠪᠰᠢᠨ ᠢ ᠪᠠᠳᠤᠯᠠᠬᠤ ᠶᠢᠨ  ᠲᠦᠯᠦᠭᠡ  ᠡᠷᠭᠡᠪᠰᠢ  ᠶᠡᠭᠡ  ᠭᠡᠮᠵᠢᠶᠡᠨ ᠤ ᠨᠦᠢᠷ ᠤᠨ ᠠᠷᠠᠯ ᠤᠨ ᠡᠳ᠋ ᠢ ᠱᠦᠬᠦᠷᠡᠬᠦᠯᠦᠨ ᠵᠤᠬᠢᠴᠠᠭᠤᠯᠳᠠᠭ᠃ ᠡᠶᠢᠮᠦᠷᠬᠦ  ᠭᠡᠨᠡᠳᠳᠡ ᠶᠢᠨ  ᠬᠤᠪᠢᠷᠠᠯᠳᠠ ᠨᠢ  ᠮᠠᠬᠠᠪᠤᠳ ᠤᠨ ᠹᠢᠽᠢᠤᠯᠤᠬᠢ ᠶᠢᠨ ᠲᠡᠩᠴᠡᠬᠦᠷᠢ ᠳᠤ ᠠᠰᠢᠬ ᠦᠭᠡᠢ ᠪᠠᠶᠢᠵᠤ᠂ ᠤᠷᠳᠤ ᠬᠤᠭᠤᠴᠠᠭ᠎ᠠ ᠪᠤᠯᠪᠠᠯ ᠰᠢᠬᠢᠷ ᠤᠨ ᠰᠤᠯᠢᠬᠳᠠᠯ ᠰᠠᠮᠠᠭᠤᠷᠠᠨ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠳᠡᠭ᠃         ᠪᠤᠬᠢᠨᠢᠳᠤᠬᠤ ᠦᠶᠡᠰ᠃ ᠰᠢᠬᠢᠷᠯᠢᠭ ᠢᠳᠡᠭᠡᠨ ᠤᠷᠮ᠎ᠠ ᠰᠡᠳᠬᠢᠯᠭᠡ ᠶᠢ ᠰᠠᠶᠢᠵᠢᠷᠠᠭᠤᠯᠳᠠᠭ  ᠭᠡᠵᠦ ᠭᠡᠯᠴᠡᠳᠡᠭ᠃  ᠭᠡᠶ᠎ᠡ ᠶᠡᠭᠡ ᠭᠡᠮᠵᠢᠶᠡᠨ ᠤ  ᠰᠤᠳᠤᠯᠭᠠᠨ ᠳᠤ  ᠬᠠᠷᠠᠭᠤᠯᠤᠭᠰᠠᠨ ᠢᠶᠠᠷ᠂  ᠰᠢᠬᠢᠷ ᠢ  ᠲᠡᠩᠳᠡᠬᠦᠦ  ᠠᠷᠪᠢᠨ  ᠰᠢᠩᠭᠡᠭᠡᠪᠡᠯ ᠭᠠᠩᠰᠠᠷᠠᠬᠤ ᠲᠠᠢ ᠬᠤᠯᠪᠤᠭ᠎ᠠ ᠲᠠᠢ ᠪᠠᠶᠢᠵᠤ ᠮᠡᠳᠡᠨ᠎ᠡ᠃ ᠡᠶᠢᠮᠦ ᠠᠴᠠ ᠰᠢᠬᠢᠷᠯᠢᠭ ᠢᠳᠡᠭᠡᠨ ᠤᠷᠮ᠎ᠠ ᠰᠡᠳᠬᠢᠯᠭᠡ ᠶᠢ ᠤᠬᠤᠷ ᠬᠤᠭᠤᠴᠠᠭᠠᠨ ᠳᠤ  ᠯᠠ ᠳᠤᠭᠳᠠᠪᠤᠷᠢᠵᠢᠭᠤᠯᠬᠤ ᠦᠢᠯᠡᠳᠦᠯ ᠲᠠᠢ ᠶᠤᠮ ᠪᠠᠶᠢᠨ᠎ᠠ᠃          ᠪᠤᠳᠤ ᠭᠠᠷᠤᠭᠰᠠᠨ ᠦᠶᠡᠰ᠃ ᠰᠢᠬᠢᠷ ᠤᠨ  ᠲᠦᠷᠦᠯ ᠢ  ᠰᠤᠯᠢᠬᠳᠠᠭᠤᠯᠬᠤ  ᠦᠶᠡᠰ  B  ᠲᠦᠷᠦᠯ ᠤᠨ  ᠸᠢᠲ᠋ᠠᠮᠢᠨ ᠢ ᠭᠡᠷᠡᠭᠰᠡᠳᠡᠭ᠃  ᠰᠢᠬᠢᠷ ᠤᠨ  ᠲᠦᠷᠦᠯ ᠤᠨ  ᠢᠳᠡᠭᠡᠨ  ᠠᠷᠪᠢᠨ   ᠰᠢᠩᠭᠡᠭᠡᠪᠡᠯ   B   ᠲᠦᠷᠦᠯ ᠤᠨ  ᠸᠢᠲ᠋ᠠᠮᠢᠨ ᠢ ᠶᠡᠭᠡᠪᠡᠷ ᠬᠤᠷᠤᠭᠳᠠᠭᠤᠯᠵᠤ᠂ ᠠᠷᠠᠰᠤ ᠨᠢᠭᠤᠷ ᠲᠡᠭᠡᠷ᠎ᠡ ᠪᠤᠳᠤ ᠭᠠᠷᠬᠤ ᠶᠢ ᠬᠦᠨᠳᠦᠷᠡᠬᠦᠯᠬᠦ ᠰᠢᠯᠳᠠᠭᠠᠨ ᠤ ᠨᠢᠭᠡ ᠨᠢ ᠪᠤᠯᠳᠠᠭ᠃
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号