| ᠠᠭᠠᠷ ᠤᠨ ᠴᠡᠩᠬᠡᠷ ᠳᠤᠯᠬᠢᠶᠠᠨ ᠢᠶᠠᠷ ᠴᠤᠤᠷᠢᠶᠠᠳᠤᠭᠰᠠᠨ ᠨᠢᠩᠴᠧᠩ ᠤᠨ ᠮᠤᠩᠭᠤᠯ ᠷᠠᠳᠢᠣ᠋ ᠶᠢᠨ ᠨᠢᠬᠡᠨ ᠦᠶ᠎ᠠ ᠶᠢᠨ | ᠳᠠᠭᠤᠨ | ᠨᠢᠩᠴᠧᠩ ᠰᠢᠶᠠᠨ ᠪᠤᠯ ᠤᠯᠠᠭᠠᠨᠬᠠᠳᠠ ᠬᠤᠳᠠ ᠶᠢᠨ ᠡᠮᠦᠨᠡᠳᠤ ᠬᠡᠰᠡᠭ ᠲᠤ ᠤᠷᠤᠰᠢᠵᠦ᠂ ᠵᠡᠬᠦᠨᠰᠢ ᠯᠢᠶᠤᠤᠨᠢᠩ | ᠮᠤᠵᠢ ᠲᠠᠢ ᠵᠠᠬ᠎ᠠ ᠨᠡᠶᠢᠯᠡᠨ᠂ ᠪᠠᠷᠠᠭᠤᠨᠰᠢ ᠡᠾᠧᠪᠸᠢ ᠮᠤᠵᠢ ᠲᠠᠢ ᠬᠦᠷᠰᠢᠯᠡᠭᠰᠡᠨ ᠳᠠᠯ᠎ᠠ ᠨᠤᠳᠤᠭ ᠤᠨ ᠰᠤᠶᠤᠯ ᠪᠤᠯᠤᠨ | ᠳᠤᠮᠳᠠᠳᠤ ᠤᠷᠤᠨ ᠤ ᠰᠤᠶᠤᠯ ᠤᠨ ᠠᠭᠤᠯᠵᠠᠷ ᠤᠷᠤᠨ ᠪᠤᠯᠤᠨ᠎ᠠ᠃ ᠪᠦᠬᠦ ᠰᠢᠶᠠᠨ ᠳᠤ ᠬᠢᠳᠠᠳ ᠮᠤᠩᠭᠤᠯ ᠬᠤᠳᠤᠩ | ᠵᠡᠷᠬᠡ 25 ᠦᠨᠳᠦᠰᠦᠳᠡᠨ ᠰᠠᠭᠤᠷᠢᠰᠢᠵᠦ᠂ ᠡᠬᠦᠨ ᠳᠤ ᠮᠤᠩᠭᠤᠯ ᠦᠨᠳᠦᠰᠦᠳᠡᠨ 76310 ᠬᠦᠮᠦᠨ᠂ | 12•4% ᠶᠢ ᠡᠵᠡᠯᠡᠳᠡᠭ᠃ | ᠲᠦᠷᠦ ᠬᠦᠷᠦᠨ ᠤ ᠰᠤᠯᠢᠭᠳᠠᠯ᠂ ᠴᠠᠭ ᠦᠶ᠎ᠠ ᠶᠢᠨ ᠬᠤᠪᠢᠷᠠᠯᠳᠠ ᠬᠦᠭᠵᠢᠯᠳᠡ᠂ ᠰᠤᠶᠤᠯ ᠳᠡᠦᠬᠡ ᠶᠢᠨ | ᠤᠨᠳᠤᠤᠰᠢᠯ ᠢ ᠳᠠᠭᠠᠯᠳᠤᠨ ᠨᠢᠩᠴᠧᠩ ᠰᠢᠶᠠᠨ ᠤ ᠮᠤᠩᠭᠤᠯᠴᠤᠳ ᠮᠠᠷᠳᠠᠭᠳᠠᠨ ᠤᠷᠬᠢᠭᠳᠠᠵᠦ ᠪᠠᠶᠢᠭ᠎ᠠ ᠮᠤᠩᠭᠤᠯ | ᠰᠤᠶᠤᠯ ᠤᠨ ᠢᠶᠠᠨ ᠲᠦᠯᠦᠬᠡ ᠰᠠᠨᠠᠭᠠᠰᠢᠷᠠᠨ᠂ ᠨᠡᠶᠢᠳᠡ ᠤᠯᠠᠨ ᠢᠶᠠᠷ ᠢᠶᠠᠨ ᠤᠤᠭᠠᠯ ᠰᠤᠶᠤᠯ ᠤᠨ ᠢᠶᠠᠨ ᠲᠦᠯᠦᠬᠡ | ᠤᠢᠢᠭ᠎ᠠ ᠦᠬᠡᠢ ᠵᠢᠳᠬᠦᠵᠦ ᠶᠠᠪᠤᠨ᠎ᠠ᠃ ᠡᠬᠦᠨ ᠤ ᠳᠤᠳᠤᠷᠠᠬᠢ ᠨᠢᠬᠡᠨ ᠬᠦᠮᠦᠨ ᠢ ᠵᠠᠩ ᠴᠦᠨ ᠶᠢᠩ ᠬᠡᠳᠡᠭ᠃ | ᠨᠢᠩᠴᠧᠩ ᠤᠨ ᠮᠤᠩᠭᠤᠯ ᠷᠠᠳᠢᠣ᠋ ᠲᠧᠯᠸᠢᠰ ᠤᠨ ᠲᠦᠪ ᠤᠨ ᠮᠤᠩᠭᠤᠯ ᠨᠠᠶᠢᠷᠠᠭᠤᠯᠬᠤ ᠬᠡᠯᠳᠡᠰ ᠤᠨ ᠡᠷᠬᠢᠯᠡᠭᠴᠢ᠃ | ᠠᠭᠠᠷ ᠤᠨ ᠴᠡᠩᠬᠡᠷ ᠳᠤᠯᠬᠢᠶᠠᠨ ᠢᠶᠠᠷ ᠨᠢᠩᠴᠧᠩ ᠤᠨ ᠮᠤᠩᠭᠤᠯ ᠲᠦᠮᠡᠨ ᠳᠡᠭᠡᠨ ᠡᠬᠡ ᠬᠡᠯᠡ ᠪᠠᠷ ᠢᠶᠠᠨ ᠤᠷᠤᠨ | ᠨᠤᠳᠤᠭ ᠤᠨ ᠢᠶᠠᠨ ᠳᠤᠬᠠᠢ ᠮᠡᠳᠡᠭᠡ ᠮᠡᠳᠡᠭᠡᠯᠡᠯ ᠢ ᠨᠡᠪᠳᠡᠷᠡᠬᠦᠯᠦᠨ ᠮᠡᠳᠡᠭᠡᠯᠡᠭᠡᠳ ᠨᠢᠬᠡᠨᠳᠡ 19 ᠵᠢᠯ ᠪᠤᠯᠵᠦ ᠪᠤᠢ᠃ | ᠨᠢᠩᠴᠧᠩ ᠰᠢᠶᠠᠨ ᠤ ᠰᠤᠩᠬᠢᠨ᠎ᠠ ᠶᠢᠨ ᠰᠤᠮᠤ ᠶᠢᠨ ᠬᠡᠷᠡᠯᠳᠤ ᠭᠠᠴᠠᠭᠠᠨ ᠳᠤ ᠨᠤᠳᠤᠭ ᠲᠠᠢ ᠳᠡᠷᠡ 2000 ᠤᠨ ᠳᠤ | ᠬᠦᠬᠡᠬᠤᠳᠠ ᠶᠢᠨ ᠦᠨᠳᠦᠰᠦᠳᠡᠨ ᠤ ᠳᠡᠭᠡᠳᠤ ᠰᠤᠷᠭᠠᠭᠤᠯᠢ ᠠᠴᠠ ᠳᠡᠬᠦᠰᠦᠭᠰᠡᠨ ᠤ ᠳᠠᠷᠠᠭ᠎ᠠ ᠨᠢᠩᠴᠧᠩ ᠤᠨ | ᠮᠤᠩᠭᠤᠯ ᠷᠠᠳᠢᠣ᠋ ᠳᠤ ᠠᠵᠢᠯ ᠤᠨ ᠭᠠᠷᠤᠭ᠎ᠠ ᠪᠠᠨ ᠡᠬᠢᠯᠡᠬᠦᠯᠵᠦ ᠶᠠᠪᠤᠬᠤ ᠳᠠᠭᠠᠨ᠂ 1984 ᠤᠨ ᠳᠤ | ᠪᠠᠶᠢᠭᠤᠯᠤᠭᠳᠠᠭᠰᠠᠨ ᠮᠤᠩᠭᠤᠯ ᠷᠠᠳᠢᠣ᠋ ᠶᠢᠨ ᠠᠩᠬᠠᠨ ᠤ ᠦᠶ᠎ᠠ ᠶᠢᠨ ᠰᠤᠷᠪᠤᠯᠵᠢᠯᠠᠭᠴᠢ ᠨᠡᠪᠳᠡᠷᠡᠬᠦᠯᠦᠭᠴᠢ ᠬᠡᠷᠡᠯ | ᠪᠠᠭᠰᠢ ᠲᠠᠢ ᠬᠤᠶᠠᠭᠤᠯᠠᠬᠠᠨ ᠢᠶᠠᠨ ᠡᠨᠡᠬᠦ ᠠᠵᠢᠯ ᠤᠨ ᠪᠠᠶᠢᠷᠢ ᠠᠴᠠ ᠨᠢᠩᠴᠧᠩ ᠤᠨ ᠪᠦᠬᠦ ᠮᠤᠩᠭᠤᠯᠴᠤᠳ ᠲᠠᠭᠠᠨ | ᠮᠤᠩᠭᠤᠯ ᠮᠡᠳᠡᠭᠡᠯᠡᠯ ᠬᠠᠩᠭᠠᠨ᠎ᠠ ᠬᠡᠵᠦ ᠪᠤᠳᠤᠵᠦ ᠤᠯᠤᠭ᠎ᠠ ᠦᠬᠡᠢ᠃ ᠨᠡᠩ ᠴᠤ ᠬᠡᠷᠡᠯ ᠪᠠᠭᠰᠢ ᠠᠵᠢᠯ ᠠᠴᠠ ᠪᠠᠨ | ᠠᠮᠠᠷᠠᠭᠰᠠᠨ ᠤ ᠳᠠᠷᠠᠭ᠎ᠠ ᠳᠡᠷᠡ ᠭᠠᠭᠴᠠᠭᠠᠷ ᠢᠶᠠᠨ ᠡᠨᠡᠬᠦ ᠳᠡᠦᠬᠡᠨ ᠬᠦᠨᠳᠤ ᠡᠬᠦᠷᠬᠡ ᠶᠢ ᠡᠬᠦᠷᠬᠡᠯᠡᠵᠦ ᠶᠠᠪᠤᠨ᠎ᠠ ᠬᠡᠵᠦ | ᠤᠭᠳᠤᠬᠠᠨ ᠴᠤ ᠪᠤᠳᠤᠵᠦ ᠤᠯᠤᠭ᠎ᠠ ᠦᠬᠡᠢ᠃ | ᠳᠡᠷᠡ ᠡᠴᠢᠨᠡᠨ ᠵᠢᠯ ᠤᠨ ᠳᠤᠷᠰᠢ ᠨᠢᠩᠴᠧᠩ ᠨᠤᠳᠤᠭ ᠤᠨ ᠮᠤᠩᠭᠤᠯ ᠲᠦᠮᠡᠨ ᠢᠶᠠᠨ ᠤᠬᠠᠭᠠᠯᠨ ᠮᠡᠳᠡᠬᠡᠯᠡᠵᠦ᠂ | ᠨᠢᠩᠴᠧᠩ ᠤᠨ ᠮᠤᠩᠭᠤᠯ ᠷᠠᠳᠢᠣ᠋ ᠶᠢᠨ ᠳᠠᠭᠤᠨ ᠢ ᠳᠠᠰᠤᠷᠠᠯᠳᠠ ᠦᠬᠡᠢ ᠬᠠᠩᠬᠢᠨᠠᠭᠤᠯᠬᠤ ᠶᠢ ᠵᠤᠷᠢᠨ᠂ ᠡᠳᠤᠷ | ᠪᠦᠷᠢ ᠶᠢᠨ ᠬᠤᠷᠢᠨ ᠮᠢᠨᠦ᠋ᠲ ᠤᠨ ᠨᠡᠪᠳᠡᠷᠡᠬᠦᠯᠬᠡ ᠪᠠᠨ ᠭᠠᠷᠠᠭ ᠲᠤ ᠬᠤᠶᠠᠷ ᠤᠳᠠᠭ᠎ᠠ ᠰᠢᠨᠡᠴᠢᠯᠡᠬᠦ ᠶᠢ | ᠪᠡᠶᠡᠯᠡᠬᠦᠯᠦᠭᠰᠡᠭᠡᠷ ᠢᠷᠡᠪᠡ᠃ ᠤᠨᠴᠠᠭᠠᠢᠢᠯᠠᠨ ᠨᠢᠬᠡ ᠬᠡᠰᠡᠭ ᠬᠤᠭᠤᠴᠠᠭᠠᠨ ᠳᠤ ᠰᠤᠷᠪᠤᠯᠵᠢᠯᠠᠭᠴᠢ᠂ ᠨᠠᠶᠢᠷᠠᠭᠤᠯᠤᠭᠴᠢ | ᠂ ᠤᠷᠴᠢᠭᠤᠯᠤᠭᠴᠢ᠂ ᠨᠡᠪᠳᠡᠷᠡᠬᠦᠯᠦᠭᠴᠢ ᠶᠢᠨ ᠠᠵᠢᠯ ᠢ ᠭᠠᠭᠴᠠᠭᠠᠷ ᠢᠶᠠᠨ ᠡᠬᠦᠷᠬᠡᠯᠡᠵᠦ᠂ ᠬᠠᠮᠤᠭ ᠬᠠᠳᠠᠭᠤ | ᠪᠡᠷᠬᠡᠰᠢᠶᠡᠯ ᠲᠠᠢ ᠴᠠᠭ ᠦᠶ᠎ᠠ ᠶᠢ ᠦᠩᠬᠡᠷᠡᠭᠡᠵᠦ ᠶᠠᠪᠤᠬᠤ ᠳᠤ ᠶᠡᠭᠡ ᠳᠠᠯᠠᠢ ᠳᠤ ᠬᠦᠪᠬᠦ ᠦᠨᠦᠴᠢᠨ ᠵᠡᠪᠢ ᠬᠡᠮᠡᠷ | ᠪᠠᠶᠢᠭᠰᠠᠨ ᠴᠤ ᠵᠤᠷᠢᠭ ᠬᠠᠷᠢᠭ᠎ᠠ ᠦᠬᠡᠢ᠂ ᠭᠠᠭᠴᠠᠭᠠᠷ ᠠᠵᠢᠯ ᠤᠨ ᠪᠠᠶᠢᠷᠢ ᠪᠠᠨ ᠰᠠᠬᠢᠭᠰᠠᠭᠠᠷ ᠪᠦᠭᠡᠳ ᠮᠤᠩᠭᠤᠯ | ᠬᠡᠯᠡᠨ ᠤ ᠤᠷᠴᠢᠨ ᠢᠶᠠᠷ ᠢᠪᠴᠤᠤᠷᠠᠵᠦ ᠪᠠᠶᠢᠭ᠎ᠠ ᠨᠢᠩᠴᠧᠩ ᠨᠤᠳᠤᠭ ᠤᠨ ᠮᠤᠩᠭᠤᠯ ᠲᠦᠮᠡᠨ ᠳᠡᠭᠡᠨ ᠡᠬᠡ ᠮᠤᠩᠭᠤᠯ | ᠬᠡᠯᠡᠨ ᠤ ᠮᠡᠳᠡᠬᠡᠯᠡᠯ ᠢ ᠡᠳᠤᠷ ᠪᠦᠷᠢ ᠴᠢᠬᠢᠨ ᠰᠤᠨᠤᠷ ᠲᠤ ᠨᠢ ᠬᠦᠷᠬᠡᠬᠦ ᠪᠠᠷ ᠴᠢᠷᠮᠠᠶᠢᠭᠰᠠᠭᠠᠷ ᠢᠷᠡᠪᠡ᠃ | ᠡᠳᠡᠭᠡᠷ ᠵᠢᠯ ᠤᠳ ᠲᠤ ᠵᠠᠩ ᠴᠦᠨ ᠶᠢᠩ ᠳᠤ ᠰᠤᠨᠤᠰᠤᠭᠴᠢ ᠲᠦᠮᠡᠨ ᠨᠢ ᠲᠦᠰᠢᠭ ᠪᠤᠯᠤᠭᠰᠠᠨ ᠨᠢ ᠶᠠᠷᠢᠶᠠᠨ ᠦᠬᠡᠢ | ᠃ ᠰᠤᠨᠤᠰᠤᠭᠴᠢ ᠶᠢᠨ ᠬᠦᠷᠢᠶᠡᠯᠡᠯ᠂ ᠤᠳᠤᠷᠢᠳᠤᠯᠭ᠎ᠠ ᠨᠠᠷ ᠤᠨ ᠵᠤᠷᠢᠭᠵᠢᠭᠤᠯᠤᠯ ᠪᠠ ᠡᠯ᠎ᠠ ᠵᠦᠢᠯ ᠤᠨ ᠱᠠᠩᠨᠠᠯ | ᠬᠦᠬᠢᠬᠦᠯᠦᠯ ᠤᠨ ᠤᠷᠮᠠᠰᠢᠭᠤᠯᠤᠯ ᠨᠢ ᠳᠡᠬᠦᠨ ᠢ ᠵᠤᠷᠢᠭ ᠢ ᠬᠦᠪᠴᠢᠯᠡᠵᠦ ᠢᠷᠡᠵᠡᠢ᠃ ᠬᠦᠮᠦᠨ ᠶᠠᠪᠤᠪᠠᠯ ᠨᠡᠷ᠎ᠠ ᠪᠠᠨ | ᠭᠠᠯᠠᠭᠤ ᠶᠠᠪᠤᠪᠠᠯ ᠳᠠᠭᠤ ᠪᠠᠨ ᠬᠡᠳᠡᠭ ᠢᠶᠠᠷ᠂ ᠳᠡᠷᠡ ᠮᠤᠩᠭᠤᠯ ᠷᠠᠳᠢᠣ᠋ ᠲᠠᠢ ᠪᠠᠨ ᠠᠮᠢ ᠨᠡᠷ᠎ᠠ ᠪᠠᠨ ᠬᠤᠯᠪᠤᠵᠦ | ᠶᠠᠪᠤᠭᠰᠠᠨ ᠨᠢ ᠦᠨᠡᠨᠳᠡᠢ᠃ | ᠠᠷᠪᠠᠭᠠᠳ ᠵᠢᠯ ᠤᠨ ᠪᠠᠷᠢᠮᠳᠠᠯᠠᠯ᠂ ᠤᠨᠴᠠᠭᠠᠢᠢᠯᠠᠨ ᠰᠡᠬᠦᠯ ᠤᠨ ᠭᠤᠷᠪᠠᠨ ᠵᠢᠯ ᠰᠢᠬᠠᠮ ᠤᠨ ᠬᠤᠭᠤᠴᠠᠭᠠᠨ ᠳᠤ | ᠭᠠᠭᠴᠠᠭᠠᠷ ᠡᠨᠡᠬᠦ ᠮᠤᠩᠭᠤᠯ ᠷᠠᠳᠢᠣ᠋ ᠨᠡᠪᠳᠡᠷᠡᠬᠦᠯᠬᠡ ᠶᠢ ᠡᠷᠬᠢᠯᠡᠵᠦ ᠶᠠᠪᠤᠬᠤ ᠳᠠᠭᠠᠨ ᠳᠡᠷᠡ ᠠᠵᠢᠯ ᠳᠠᠭᠠᠨ ᠤᠰᠤᠯᠳᠠᠯ | ᠦᠬᠡᠢ ᠴᠢᠷᠮᠠᠶᠢᠬᠤ ᠶᠢᠨ ᠳᠠᠭᠠᠤ ᠳᠤ᠂ ᠳᠡᠭᠡᠳᠤ ᠱᠠᠳᠤᠨ ᠳᠤ ᠪᠠᠶᠢᠳᠠᠯ ᠢᠶᠠᠨ ᠳᠤᠰᠬᠠᠵᠦ᠂ ᠮᠤᠩᠭᠤᠯ | ᠨᠡᠪᠳᠡᠷᠡᠬᠦᠯᠦᠭᠴᠢ ᠡᠯᠰᠡᠨ ᠠᠪᠬᠤ ᠳᠤᠬᠠᠢ ᠳᠠᠰᠤᠷᠠᠯᠳᠠ ᠦᠬᠡᠢ ᠡᠷᠡᠮᠵᠡᠯᠡᠭᠰᠡᠨ ᠠᠴᠠ 2016 ᠤᠨ ᠤ ᠡᠬᠢ ᠪᠠᠷ | ᠠᠨᠠᠷ ᠬᠡᠰᠡᠨ ᠨᠢᠬᠡᠨ ᠬᠡᠦᠬᠡᠨ ᠰᠢᠯᠭᠠᠨ ᠢᠷᠡᠭᠰᠡᠨ ᠠᠴᠠ ᠨᠢᠩᠴᠧᠩ ᠤᠨ ᠮᠤᠩᠭᠤᠯ ᠷᠠᠳᠢᠣ᠋ ᠶᠢᠨ ᠰᠢᠨ᠎ᠠ ᠨᠢᠬᠡᠨ ︽ | ᠵᠠᠯᠭᠠᠮᠵᠢᠯᠠᠭᠴᠢ︾ ᠲᠠᠢ ᠪᠤᠯᠤᠭᠰᠠᠨ ᠨᠢ ᠳᠡᠬᠦᠨ ᠤ ᠬᠤᠪᠢ ᠳᠤ᠂ ᠨᠢᠩᠴᠧᠩ ᠤᠨ ᠮᠤᠩᠭᠤᠯ ᠷᠠᠳᠢᠣ᠋ ᠶᠢᠨ ᠬᠤᠪᠢ ᠳᠤ | ᠵᠦᠢᠷᠯᠡᠰᠢ ᠦᠬᠡᠢ ᠪᠠᠶᠠᠷᠳᠤ ᠶᠠᠪᠤᠳᠠᠯ ᠬᠡᠵᠦ ᠬᠡᠯᠡᠵᠦ ᠪᠤᠯᠤᠨ᠎ᠠ᠃ | ᠵᠠᠩ ᠴᠦᠨ ᠶᠢᠩ ᠢᠶᠠᠷ ᠨᠢᠬᠡᠨ ᠦᠶ᠎ᠠ ᠶᠢᠨ ᠳᠤᠯᠭᠠᠭᠤᠷᠢ ᠬᠦᠴᠦᠨ ᠪᠤᠯᠭᠠᠭᠰᠠᠨ ᠨᠢᠩᠴᠧᠩ ᠨᠤᠳᠤᠭ ᠤᠨ ᠠᠭᠠᠷ ᠤᠨ | ᠴᠡᠩᠬᠡᠷ ᠳᠤᠯᠬᠢᠶᠠᠨᠳᠤ ︽ᠮᠤᠩᠭᠤᠯ ᠳᠠᠭᠤᠨ︾ ᠦᠷᠬᠦᠯᠵᠢᠯᠡᠭᠰᠡᠭᠡᠷ᠃ ᠳᠠᠷᠢᠶᠠᠯᠠᠬᠤ ᠰᠤᠶᠤᠯ ᠤᠨ ᠨᠦᠯᠦᠬᠡ ᠶᠡᠬᠡᠳᠡᠢ | ᠨᠢᠬᠡᠨ ᠰᠢᠶᠠᠨ ᠤ ᠬᠤᠳᠠ ᠶᠢᠨ ᠮᠤᠩᠭᠤᠯ ᠷᠠᠳᠢᠣ᠋ ᠶᠢᠨ ᠳᠠᠭᠤᠨ ᠢᠶᠠᠨ ᠳᠠᠰᠤᠯᠳᠠᠭᠤᠯᠬᠤ ᠶᠢᠨ ᠦᠬᠡᠢ ᠶᠢᠨ ᠲᠦᠯᠦᠬᠡᠨ᠎ᠠ | ᠵᠢᠳᠬᠦᠭᠰᠡᠨ ᠳᠡᠬᠦᠨ ᠤ ᠮᠤᠩᠭᠤᠯ ᠰᠤᠶᠤᠯ ᠤᠨ ᠹᠷᠤᠨᠲ ᠳᠠᠬᠢ ᠠᠷᠪᠠᠭᠠᠳ ᠵᠢᠯ ᠤᠨ ᠪᠠᠷᠢᠮᠳᠠᠯᠠᠯ ᠨᠢ ᠶᠠᠭ ᠯᠡ ᠨᠢᠬᠡ | ᠳᠠᠯ᠎ᠠ ᠨᠤᠳᠤᠭ ᠤᠨ ᠰᠤᠶᠤᠯ ᠤᠨ ᠡᠮᠦᠨ᠎ᠠ ᠬᠢᠵᠠᠭᠠᠷ ᠲᠠᠬᠢ ᠦᠢ ᠤᠯᠠᠨ ᠰᠠᠬᠢᠨ ᠬᠠᠮᠠᠭᠠᠯᠠᠭᠴᠢᠳ ᠤᠨ ᠤᠤᠭᠠᠨ | ᠲᠦᠷᠦᠳᠡᠰᠤ ᠰᠢᠭ᠃ ᠳᠡᠬᠦᠨ ᠤ ᠪᠠᠷᠢᠮᠳᠠᠯᠠᠯ᠂ ᠳᠡᠬᠦᠨ ᠤ ᠵᠤᠷᠢᠭ ᠰᠠᠨᠠᠭ᠎ᠠ ᠨᠢᠩᠴᠧᠩ ᠤᠨ ᠦᠷᠦᠴᠡᠨᠠ ᠤᠷᠤᠰᠬᠤ | ᠯᠤᠤᠬ᠎ᠠ ᠶᠢᠨ ᠭᠤᠤᠯ ᠤᠨ ᠤᠷᠤᠰᠬᠠᠯ ᠰᠢᠭ ᠢᠶᠠᠨ ᠲᠦᠯᠬᠡᠬᠡᠨ ᠠᠳᠠᠯ᠎ᠠ ᠪᠠᠨ ᠰᠦᠷᠯᠢᠭᠬᠡᠨ᠃ | | | | | | |