ᠨᠢᠩᠴᠧᠩ ᠠᠴᠠ ᠴᠤᠤᠷᠢᠶᠠᠳᠤᠬᠤ ᠮᠤᠷᠢᠨ ᠬᠤᠭᠤᠷ ᠤᠨ ᠡᠬᠡᠰᠢᠭ ᠤᠶᠠᠷᠠᠭᠤᠨ ᠠᠳᠠᠯ᠎ᠠ ᠵᠢᠪᠬᠤᠯᠠᠩ
ᠨᠡᠶᠢᠲᠡᠯᠡᠭᠰᠡᠨ ᠴᠠᠭ᠄
2019/11/21
   ᠬᠡᠷᠡᠯᠳᠤ ᠳᠠᠬᠢ ᠮᠤᠩᠭᠤᠯ ᠦᠨᠳᠦᠰᠦᠲᠡᠨ ᠤ ᠰᠤᠷᠭᠠᠭᠤᠯᠢ ᠨᠢ ᠨᠢᠩᠴᠧᠩ ᠰᠢᠶᠠᠨ ᠤ ᠰᠤᠩᠬᠢᠨ᠎ᠠ ᠶᠢᠨ ᠰᠤᠮᠤ ᠶᠢᠨ ᠬᠡᠷᠡᠯᠳᠤ ᠭᠠᠴᠠᠭᠠᠨ ᠳᠤ ᠪᠠᠶᠢᠷᠢᠯᠠᠵᠦ᠂ ᠰᠤᠷᠭᠠᠭᠤᠯᠢ ᠡᠷᠬᠢᠯᠡᠬᠦ ᠨᠦᠬᠦᠴᠡᠯ ᠬᠠᠳᠠᠭᠤ ᠪᠡᠷᠬᠡᠰᠢᠶᠡᠯ ᠲᠠᠢ ᠪᠠᠶᠢᠳᠠᠭ ᠠᠴᠠ ᠡᠬᠡ ᠬᠡᠯᠡᠨ ᠤ ᠵᠢᠭᠠᠨ ᠰᠤᠷᠭᠠᠯᠳᠠ ᠪᠠᠨ ᠴᠦ ᠲᠦᠩᠬᠡᠵᠢ ᠡᠪᠯᠡᠬᠦᠯᠳᠡᠭ ᠠᠴᠠ ᠮᠤᠩᠭᠤᠯ ᠳᠠᠭᠤᠤ ᠪᠦᠵᠢᠭ᠂ ᠮᠤᠩᠭᠤᠯ ᠰᠢᠳᠠᠷ᠎ᠠ᠂ ᠮᠤᠷᠢᠨ ᠬᠤᠭᠤᠷ᠂ ᠪᠦᠬᠡ ᠪᠠᠷᠢᠯᠳᠤᠬᠤ ᠵᠡᠷᠬᠡ ᠦᠨᠳᠦᠰᠦᠳᠡᠨ ᠤ ᠵᠢᠭᠠᠨ ᠰᠤᠷᠭᠠᠯᠳᠠ ᠶᠢᠨ ᠤᠨᠴᠠᠯᠢᠭᠳᠤ ᠬᠢᠴᠢᠶᠡᠯ ᠲᠦᠷᠦᠯ ᠳᠤᠬᠢᠷᠠᠭᠤᠯᠬᠤ ᠶᠢ ᠨᠡᠩ ᠶᠠᠭᠤᠨ ᠦᠬᠦᠯᠡᠬᠦ ᠠᠵᠢ᠃    ︽ᠰᠠᠨᠠᠭ᠎ᠠ ᠪᠠᠶᠢᠭᠠᠳ ᠤᠨᠤᠭ᠎ᠠ ᠬᠦᠷᠬᠦ ᠦᠬᠡᠢ︾ ᠬᠡᠳᠡᠭ ᠦᠬᠡ ᠪᠠᠶᠢᠳᠠᠭ ᠴᠤ ︽ᠵᠤᠷᠢᠪᠠᠰᠤ ᠦᠯᠦ ᠬᠦᠷᠬᠦ ᠭᠠᠵᠠᠷ ᠬᠡᠮᠡᠨ ᠦᠬᠡᠢ᠂ ᠵᠤᠷᠢᠭᠯᠠᠪᠠᠰᠤ ᠦᠯᠦ ᠪᠦᠳᠦᠬᠦ ᠦᠢᠯᠡ ᠬᠡᠮᠡᠨ ᠦᠬᠡᠢ︾ ᠬᠡᠰᠡᠨ ᠴᠢᠩᠬᠢᠰ ᠬᠠᠭᠠᠨ ᠤ ᠠᠯᠳᠠᠨ ᠰᠤᠷᠭᠠᠯ ᠪᠠᠶᠢᠳᠠᠭ ᠢ ᠨᠢᠩᠴᠧᠩ ᠰᠢᠶᠠᠨ ᠤ ᠮᠤᠩᠭᠤᠯᠴᠤᠳ ᠮᠠᠷᠳᠠᠭ᠎ᠠ ᠦᠬᠡᠢ᠃ ᠬᠠᠮᠤᠭ ᠠᠩᠬ᠎ᠠ ᠴᠡᠩᠬᠡᠯᠳᠡᠢ ᠰᠠᠭᠤᠷᠢ ᠮᠦᠩᠬᠦᠨ ᠤᠨ ᠨᠡᠶᠢᠬᠡᠮᠯᠢᠭ ᠠᠴᠠ ᠭᠡᠷᠡᠯᠲᠦ ᠳᠠᠬᠢ ᠮᠤᠩᠭᠤᠯ ᠦᠨᠳᠦᠰᠦᠲᠡᠨ ᠤ ᠰᠤᠷᠭᠠᠭᠤᠯᠢ ᠳᠤ ᠠᠷᠪᠠᠨ ᠮᠤᠷᠢᠨ ᠬᠤᠭᠤᠷ ᠬᠦᠷᠬᠡᠯ᠎ᠠ᠃ ᠬᠡᠳᠡᠯ᠎ᠠ ᠰᠤᠷᠭᠠᠭᠤᠯᠢ ᠳᠤ ᠮᠤᠷᠢᠨ ᠬᠤᠭᠤᠷ ᠤᠨ ᠮᠡᠷᠬᠡᠵᠢᠯ ᠤᠨ ᠳᠤᠰᠬᠠᠢ ᠪᠠᠭᠰᠢ ᠦᠬᠡᠢ ᠠᠴᠠ ᠨᠢᠬᠡ ᠬᠡᠰᠡᠭ ᠬᠤᠭᠤᠴᠠᠭ᠎ᠠ ᠮᠤᠷᠢᠨ ᠬᠤᠭᠤᠷ ᠮᠠᠨᠢ ︽ᠳᠤᠭᠤᠰᠤᠨ ᠳᠤ ᠳᠠᠷᠤᠭᠳᠠᠨ︾ ᠬᠡᠪᠳᠡᠯ᠎ᠠ᠃ 2014 ᠤᠨ ᠳᠤ ᠮᠤᠷᠢᠨ ᠬᠤᠭᠤᠷ ᠤᠨ ᠮᠡᠷᠬᠡᠵᠢᠯ ᠤᠨ ᠪᠠᠭᠰᠢ ᠡᠯᠰᠡᠨ ᠠᠪᠤᠯ᠎ᠠ᠃ ᠳᠡᠶᠢᠮᠦ ᠮᠦᠷᠳᠡᠬᠡᠨ ᠰᠢᠨ᠎ᠠ ᠪᠠᠷ ᠡᠯᠰᠡᠭᠳᠡᠭᠰᠡᠨ ᠨᠠᠴᠢᠨ ᠪᠠᠭᠰᠢ ᠡᠨᠡᠬᠦ ᠠᠵᠢᠯ ᠤᠨ ᠪᠠᠶᠢᠷᠢ ᠪᠠᠨ ᠪᠤᠰᠤᠳ ᠠᠵᠢᠯ ᠤᠨ ᠪᠠᠶᠢᠷᠢ ᠳᠤ ᠰᠢᠯᠵᠢᠬᠦ ᠶᠢᠨ ᠲᠦᠯᠦᠬᠡ ︽ᠠᠷᠭ᠎ᠠ ᠪᠤᠰᠤ ᠰᠤᠩᠭᠤᠭᠰᠠᠨ ᠳᠠᠪᠴᠠᠩ︾ ᠪᠤᠯᠭᠠᠭ᠎ᠠ ᠦᠬᠡᠢ ᠬᠠᠷᠢᠨ ᠰᠡᠳᠬᠢᠯ ᠰᠢᠭᠤᠳᠤᠨ ᠠᠵᠢᠯᠯᠠᠭᠰᠠᠨ ᠨᠢ ᠨᠡᠩ ᠪᠠᠶᠠᠷᠯᠠᠭᠤᠰᠢᠳᠠᠢ ᠶᠠᠪᠤᠳᠠᠯ ᠪᠤᠯᠤᠭᠰᠠᠨ ᠪᠠᠶᠢᠨ᠎ᠠ᠃ ᠨᠦᠬᠦᠴᠡᠯ ᠪᠤᠯᠤᠯᠴᠠᠭ᠎ᠠ ᠡᠶᠢᠨᠬᠦ ᠨᠢᠭᠡᠳ ᠨᠢᠭᠡ ᠪᠠᠷ ᠪᠦᠷᠢᠯᠳᠤᠨ ᠬᠡᠦᠭᠡᠳ ᠤᠳ ᠮᠤᠷᠢᠨ ᠬᠤᠭᠤᠷ ᠢᠶᠠᠨ ᠬᠤᠭᠤᠷᠳᠠᠬᠤ ᠶᠢ ᠰᠤᠷᠬᠤ ᠪᠤᠯᠤᠮᠵᠢ ᠲᠠᠢ ᠪᠤᠯᠪᠠ᠃    ᠨᠡᠶᠢᠬᠡᠮ᠂ ᠬᠡᠷ ᠤᠨ ᠠᠬᠠᠮᠠᠳ᠂ ᠪᠠᠭᠰᠢ᠂ ᠰᠤᠷᠤᠭᠴᠢᠳ ᠤᠨ ᠬᠠᠮᠳᠤ ᠶᠢᠨ ᠴᠢᠷᠮᠠᠶᠢᠯᠭ᠎ᠠ ᠪᠠᠷ ᠰᠤᠷᠭᠠᠭᠤᠯᠢ ᠶᠢᠨ ᠬᠦᠷᠢᠶᠡᠨ ᠤ ︽ᠮᠤᠷᠢᠨ ᠬᠤᠭᠤᠷ ᠤᠨ ᠠᠩᠬᠢ︾ ᠪᠠᠶᠢᠭᠤᠯᠤᠭᠳᠠᠪᠠ᠃ ᠡᠨᠡᠬᠦ ᠰᠤᠶᠤᠯ ᠤᠨ ᠳᠠᠷᠬᠠᠨ ᠦᠯᠦᠬᠡᠢ ᠠᠴᠠ ᠤᠢᠢᠷ᠎ᠠ ᠶᠢᠨ ᠳᠠᠪᠤᠨ ᠵᠢᠯ ᠤᠨ ᠳᠤᠷᠰᠢ ᠮᠤᠷᠢᠨ ᠬᠤᠭᠤᠷ ᠤᠨ ᠵᠢᠪᠬᠤᠯᠠᠩᠳᠤ ᠠᠶᠠᠰ ᠰᠡᠷᠬᠦᠭᠳᠡᠨ ᠴᠤᠤᠷᠢᠶᠠᠳᠤᠬᠤ ᠪᠤᠯᠤᠭᠰᠠᠨ ᠪᠦᠭᠡᠳ 2015 ᠤᠨ ᠳᠤ ᠪᠡᠬᠡᠵᠢᠩ ᠬᠦᠷᠴᠤ ᠳᠤᠭᠯᠠᠯᠳᠠ ᠭᠠᠷᠭᠠᠵᠦ ᠨᠡᠶᠢᠰᠯᠡᠯ ᠬᠤᠳᠠ ᠬᠦᠷᠳᠡᠯ᠎ᠠ ᠴᠤᠤᠷᠢᠶᠠᠳᠤᠭᠤᠯᠤᠭᠰᠠᠨ ᠨᠢ ᠵᠦᠪᠬᠡᠨ ᠮᠤᠷᠢᠨ ᠬᠤᠭᠤᠷ ᠤᠨ ᠠᠶᠠᠰ ᠢ ᠴᠤᠤᠷᠢᠶᠠᠳᠤᠭᠤᠯᠬᠤ ᠶᠢᠨ ᠲᠦᠯᠦᠬᠡᠨ᠎ᠠ ᠪᠢᠰᠢ᠂ ᠬᠠᠷᠢᠨ ᠮᠤᠩᠭᠤᠯ ᠢᠶᠠᠨ ᠬᠡᠰᠡᠨ ᠬᠠᠶᠢᠷ᠎ᠠ ᠰᠡᠳᠬᠢᠯᠬᠡ ᠬᠦᠨ ᠠᠴᠠ ᠬᠦᠨ᠂ ᠵᠤᠷᠢᠭ ᠰᠢᠨᠳᠠᠰᠤ ᠴᠢᠩᠭ᠎ᠠ ᠠᠴᠠ ᠴᠢᠩᠭ᠎ᠠ ᠪᠠᠶᠢᠬᠤ ᠶᠢ ᠬᠠᠷᠠᠭᠤᠯᠤᠭᠰᠠᠨ ᠪᠠᠶᠢᠨ᠎ᠠ᠃ ᠤᠳᠤᠬᠠᠨ ᠳᠤ᠂ ᠳᠤᠰ ︽ᠮᠤᠷᠢᠨ ᠬᠤᠭᠤᠷ ᠤᠨ ᠠᠩᠬᠢ︾ ᠳᠤ ᠲᠦᠷᠪᠡ ᠠᠴᠠ ᠨᠠᠢᠮᠠ ᠤᠨ ᠤ ᠬᠤᠷᠢᠭᠠᠳ ᠰᠤᠷᠤᠭᠴᠢ ᠮᠤᠷᠢᠨ ᠬᠤᠭᠤᠷ ᠰᠤᠷᠴᠤ᠂ ᠦᠨᠳᠦᠰᠦᠳᠡᠨ ᠤ ᠤᠨᠴᠠᠯᠢᠭᠳᠤ ᠰᠤᠷᠭᠠᠨ ᠬᠦᠮᠦᠵᠢᠯ ᠢᠶᠠᠷ ᠦᠰᠪᠦᠷᠢ ᠶᠢᠨ ᠬᠡᠦᠭᠡᠳ ᠢᠶᠠᠨ ᠤᠮᠳᠠᠯᠠᠵᠦ ᠳᠡᠶᠢᠯᠬᠦ ᠪᠤᠯᠵᠠᠢ᠃    ᠡᠨᠡ ᠪᠤᠯ ᠰᠤᠷᠭᠠᠭᠤᠯᠢ ᠶᠢᠨ ᠵᠠᠬᠢᠷᠤᠯ ᠵᠤᠤ ᠬᠠᠶᠢᠱᠠᠨ ᠠᠴᠠ ᠶᠠᠷᠢᠭᠰᠠᠨ ︽ᠮᠤᠷᠢᠨ ᠬᠤᠭᠤᠷ ᠤᠨ ᠠᠩᠬᠢ︾ ᠪᠠᠶᠢᠭᠤᠯᠤᠭᠳᠠᠭᠰᠠᠨ ᠬᠠᠳᠠᠭᠤᠵᠢᠯᠳᠠᠢ ᠦᠩᠬᠡᠷᠡᠯᠳᠠ ᠦᠯᠢᠬᠡᠷ᠃    ᠳᠡᠷᠡ ᠪᠠᠰᠠ᠂ ᠤᠤᠯ ᠨᠢ ᠮᠤᠩᠭᠤᠯ ᠰᠢᠳᠠᠷ᠎ᠠ ᠶᠢᠨ ᠬᠢᠴᠢᠶᠡᠯ ᠤᠷᠤᠵᠦ ᠪᠠᠶᠢᠭᠰᠠᠨ ᠪᠠᠭᠰᠢ ᠠᠵᠢᠯ ᠠᠴᠠ ᠪᠠᠨ ᠪᠠᠭᠤᠭᠰᠠᠨ ᠠᠴᠠ ᠪᠢᠳᠡ ᠳᠡᠭᠡᠷ᠎ᠠ ᠤᠨ ᠤ ᠬᠡᠦᠭᠡᠳ ᠤᠳ ᠨᠢ ᠳᠤᠤᠷ᠎ᠠ ᠤᠨ ᠳᠤ ᠪᠠᠨ ᠵᠢᠭᠠᠬᠤ ᠠᠷᠭ᠎ᠠ ᠶᠢ ᠲᠦᠷ ᠴᠠᠭ ᠴᠤ ᠬᠡᠰᠡᠨ ᠬᠡᠷᠡᠭᠯᠡᠬᠦ ᠬᠡᠵᠦ ᠲᠦᠯᠦᠪᠯᠡᠵᠦ ᠪᠠᠶᠢᠨ᠎ᠠ ᠬᠡᠵᠦ ᠠᠯᠤᠰ ᠲᠤ ᠴᠡᠩᠬᠡᠷᠯᠡᠬᠦ ᠠᠭᠤᠯᠠᠰ ᠤᠨ ᠤᠷᠤᠢ ᠶᠢ ᠰᠢᠷᠳᠡᠨ ᠰᠡᠳᠬᠢᠯ ᠨᠢ ᠬᠦᠨᠳᠦᠬᠡᠨ ᠰᠤᠷᠪᠤᠯᠵᠢᠯᠠᠭᠴᠢ ᠳᠤ ᠵᠤᠭᠤᠭ ᠪᠤᠯᠭᠠᠨ ᠶᠠᠷᠢᠯ᠎ᠠ᠃    ᠤᠷᠳᠤ ᠬᠤᠭᠤᠴᠠᠭ᠎ᠠ ᠳᠠᠷᠢᠶᠠᠯᠠᠬᠤ ᠰᠤᠶᠤᠯ ᠤᠨ ᠨᠦᠯᠦᠬᠡ ᠶᠢ ᠬᠦᠷᠳᠡᠵᠦ᠂ ᠦᠷᠬᠡᠨ ᠠᠭᠤᠳᠠᠮ ᠳᠠᠯ᠎ᠠ ᠳᠠᠭᠠᠨ ᠠᠮᠢᠳᠤᠷᠠᠵᠦ ᠦᠨᠢᠷ ᠪᠠᠶᠠᠯᠢᠭ ᠠᠳᠤᠭᠤ ᠮᠠᠯ ᠢᠶᠠᠨ ᠳᠡᠵᠢᠬᠡᠬᠦ ᠨᠦᠬᠦᠴᠡᠯ ᠪᠤᠯᠤᠮᠵᠢ ᠠᠷᠠᠢ ᠬᠡᠴᠡᠬᠦᠳᠡᠭᠰᠡᠨ ᠴᠤ ᠨᠢᠩᠴᠧᠩ ᠰᠢᠶᠠᠨ ᠤ ᠮᠤᠩᠭᠤᠯᠴᠤᠳ ᠮᠤᠩᠭᠤᠯ ᠰᠤᠶᠤᠯ ᠤᠨ ᠭᠤᠯᠤᠮᠳᠠ ᠶᠢᠨ ᠭᠠᠯ ᠢᠶᠠᠨ ᠦᠶ᠎ᠠ ᠶᠢᠨ ᠦᠶ᠎ᠠ ᠳᠤ ᠵᠠᠯᠭᠠᠮᠵᠢᠯᠠᠭᠤᠯᠬᠤ ᠪᠠᠷ ᠠᠷᠭ᠎ᠠ ᠪᠦᠬᠦᠨ ᠢ ᠰᠦᠪᠡᠭᠴᠢᠯᠡᠨ ᠬᠦᠴᠦᠯᠡᠨ ᠴᠢᠷᠮᠠᠶᠢᠭᠰᠠᠭᠠᠷ ᠁    ᠬᠡᠷᠡᠯᠳᠤ ᠳᠠᠬᠢ ᠮᠤᠩᠭᠤᠯ ᠦᠨᠳᠦᠰᠦᠲᠡᠨ ᠤ ᠰᠤᠷᠭᠠᠭᠤᠯᠢ ᠶᠢᠨ ᠬᠦᠷᠢᠶᠡᠨ ᠠᠴᠠ ᠴᠤᠤᠷᠢᠶᠠᠳᠤᠬᠤ ᠮᠤᠷᠢᠨ ᠬᠤᠭᠤᠷ ᠤᠨ ᠠᠶᠠᠰ ᠨᠢ ᠤᠶᠠᠷᠠᠭᠤᠨ ᠠᠳᠠᠯ᠎ᠠ ᠪᠠᠨ ᠵᠢᠪᠬᠤᠯᠠᠩ ᠲᠠᠢ ᠪᠠᠶᠢᠵᠦ᠂ ᠨᠠᠮᠤᠷ ᠤᠨ ᠬᠤᠩᠭᠤᠷ ᠰᠠᠯᠬᠢᠨ᠎ᠠ ᠤᠭᠳᠠᠷᠭᠤᠢ ᠶᠢᠨ ᠬᠦᠨ ᠳᠤ ᠰᠢᠷᠤᠩᠬᠠᠢᠢᠯᠠᠬᠤ ᠨᠢ ᠶᠠᠭᠤ ᠨᠢᠬᠡ ᠶᠢ ᠦᠬᠦᠯᠡᠨ᠎ᠡ᠃
 
ᠢᠷᠡᠯᠲᠡ᠄ ᠤᠯᠠᠭᠠᠨᠬᠠᠲᠠ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号