| | ᠤᠳᠤ ᠶᠢᠨ ᠲᠦᠷᠭᠡᠨ ᠠᠶᠢᠵᠠᠮᠳᠤ ᠠᠮᠢᠳᠤᠷᠠᠯ ᠠᠴᠠ ᠪᠤᠯᠵᠤ ᠬᠦᠮᠦᠰ ᠦᠷᠯᠦᠭᠡ ᠶᠢᠨ | ᠬᠤᠭᠤᠯᠠ ᠶᠢ ᠶᠠᠪᠤᠬᠤ ᠳᠤᠰᠤᠮ ᠤᠮᠳᠤᠭᠠᠢᠢᠯᠠᠬᠤ ᠪᠤᠯᠪᠠ᠃ ᠭᠡᠪᠡᠴᠤ ᠦᠷᠯᠦᠭᠡ ᠶᠢᠨ ᠬᠤᠭᠤᠯᠠ ᠪᠠᠨ ᠦᠷᠬᠦᠯᠵᠢ | ᠢᠳᠡᠬᠦ ᠦᠭᠡᠢ ᠪᠤᠯ ᠰᠦᠰᠦᠨ ᠰᠢᠩᠭᠡᠨ ᠦᠳᠭᠡᠷᠡᠨ᠂ ᠴᠢᠯᠠᠭᠤᠵᠢᠯ ᠪᠤᠯᠵᠤ ᠮᠡᠳᠡᠨ᠎ᠡ᠃ | ᠰᠦᠰᠦ ᠭᠡᠪᠡᠯᠢ ᠶᠢᠨ ᠪᠠᠷᠠᠭᠤᠨ ᠲᠡᠭᠡᠷ᠎ᠡ ᠳᠠᠯ᠎ᠠ ᠳᠤ ᠡᠯᠢᠭᠡ ᠶᠢ ᠨᠠᠭᠠᠯᠳᠤᠨ ᠤᠷᠤᠰᠢᠳᠠᠭ᠃ ᠰᠦᠰᠦ ᠨᠢ | ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠨᠡᠪᠳᠡᠷᠡᠳᠡᠭ ᠲᠤ ᠲᠦᠰᠢᠭᠯᠡᠨ | ᠰᠦᠰᠦᠨ ᠰᠢᠩᠭᠡᠨ ᠢ ᠵᠤᠬᠢᠴᠠᠭᠤᠯᠤᠨ ᠤᠷᠤᠰᠬᠠᠬᠤ ᠦᠢᠯᠡᠳᠦᠯ ᠲᠠᠢ ᠪᠠᠶᠢᠵᠤ᠂ ᠤᠰᠤᠨ ᠴᠦᠬᠦᠷᠦᠮ ᠰᠢᠭ ᠢᠶᠠᠷ | ᠬᠦᠮᠦᠨ ᠦᠯᠦᠰᠬᠦ ᠦᠶᠡᠰ ᠡᠯᠢᠭᠡᠨ ᠠᠴᠠ ᠱᠦᠬᠦᠷᠡᠭᠰᠡᠨ ᠰᠦᠰᠦᠨ ᠰᠢᠩᠭᠡᠨ ᠢ ᠬᠤᠷᠢᠶᠠᠨ ᠬᠠᠳᠠᠭᠠᠯᠠᠵᠤ᠂ ᠬᠤᠭᠤᠯᠠ | ᠢᠳᠡᠬᠦ᠂ ᠢᠯᠠᠩᠭᠤᠶ᠎ᠠ ᠦᠭᠡᠬᠦ ᠳᠤᠰᠤ ᠶᠡᠭᠡ ᠢᠳᠡᠭᠡᠨ ᠢᠳᠡᠭᠰᠡᠨ ᠤ ᠳᠠᠷᠠᠭ᠎ᠠ᠂ ᠰᠦᠰᠦᠨ ᠰᠢᠩᠭᠡᠨ ᠰᠦᠰᠦᠨ ᠤ | ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠪᠠᠷ ᠳᠠᠮᠵᠢᠨ ᠠᠷᠪᠠᠨ ᠬᠤᠶᠠᠷ ᠬᠤᠷᠤᠭᠤ | ᠭᠡᠳᠡᠰᠦᠨ ᠳᠤ ᠤᠷᠤᠵᠤ᠂ ᠢᠳᠡᠭᠡᠨ ᠢ ᠰᠢᠩᠭᠡᠭᠡᠬᠦ ᠳᠤ ᠤᠷᠤᠯᠴᠠᠳᠠᠭ᠃ | ᠰᠦᠨᠢ ᠰᠦᠰᠦᠨ ᠰᠢᠩᠭᠡᠨ ᠮᠦᠨ ᠯᠡ ᠱᠦᠬᠦᠷᠡᠨ᠂ ᠰᠦᠰᠦᠨ ᠤ ᠤᠭᠤᠳᠠᠨ ᠳᠤ | ᠬᠠᠳᠠᠭᠠᠯᠠᠭᠳᠠᠨ᠂ ᠦᠷᠯᠦᠭᠡ ᠬᠤᠭᠤᠯᠠ ᠢᠳᠡᠪᠡᠯ ᠰᠦᠰᠦᠨ ᠤ ᠤᠭᠤᠳᠠ ᠶᠢᠨ ᠰᠢᠩᠭᠡᠨ ᠱᠦᠬᠦᠷᠡᠬᠦᠯᠬᠦ ᠳᠤ | ᠰᠠᠳᠠᠯᠳᠠ ᠪᠤᠯᠳᠠᠭ᠃ ᠭᠡᠷᠪᠡ ᠦᠷᠯᠦᠭᠡ ᠶᠢᠨ ᠬᠤᠭᠤᠯᠠ ᠪᠠᠨ ᠢᠳᠡᠬᠦ ᠦᠭᠡᠢ ᠪᠤᠯ ᠰᠦᠰᠦᠨ ᠰᠢᠩᠭᠡᠨ ᠰᠦᠰᠦᠨ ᠤ | ᠤᠭᠤᠳᠠᠨ ᠳᠤ ᠤᠳᠠᠭᠠᠨ ᠬᠠᠳᠠᠭᠠᠯᠠᠭᠳᠠᠨ᠂ ᠳᠤᠳᠤᠷᠠᠬᠢ ᠰᠦᠰᠦᠨ ᠤ ᠭᠤᠤᠨᠠᠨ ᠠᠯᠺᠤᠤᠯ ᠮᠡᠳᠦ ᠶᠢᠨ ᠳᠠᠯᠠᠰᠳᠤ ᠨᠢ | ᠠᠭᠠᠵᠢᠮ ᠢᠶᠠᠷ ᠰᠦᠰᠦᠨ ᠤ ᠤᠭᠤᠳᠠ ᠶᠢᠨ ᠬᠠᠨᠠᠨ ᠲᠡᠭᠡᠷ᠎ᠡ ᠨᠠᠭᠠᠯᠳᠤᠵᠤ᠂ ᠡᠳᠦᠷ ᠤᠨ ᠤᠳᠠᠭᠠᠨ ᠳᠠᠭᠠᠨ | ᠴᠢᠯᠠᠭᠤᠵᠢᠯ ᠪᠤᠯᠳᠠᠭ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠯᠦᠭᠡ ᠶᠢᠨ ᠬᠤᠭᠤᠯᠠ ᠪᠠᠨ ᠢᠳᠡᠭᠰᠡᠳ ᠤᠨ | ᠰᠦᠰᠦᠨ ᠰᠢᠩᠭᠡᠨ ᠨᠢ ᠳᠤᠪ ᠳᠤᠩᠭᠠᠯᠠᠬ ᠪᠠᠶᠢᠬᠤ ᠳᠤ ᠦᠷᠯᠦᠭᠡ ᠶᠢᠨ ᠬᠤᠭᠤᠯᠠ ᠪᠠᠨ ᠢᠳᠡᠳᠡᠭ ᠦᠭᠡᠢ | ᠬᠦᠮᠦᠨ ᠤ ᠬᠢ ᠬᠠᠷᠢᠨ ᠦᠳᠭᠡᠨ᠂ ᠪᠤᠯᠢᠩᠬᠠᠷ ᠪᠠᠶᠢᠳᠠᠭ᠃ ᠰᠦᠰᠦᠨ ᠤ ᠴᠢᠯᠠᠭᠤᠵᠢᠯ ᠨᠢ ᠰᠦᠰᠦᠨ ᠤᠭᠤᠳᠠ ᠶᠢᠨ | ᠭᠤᠤᠷᠰᠤ ᠲᠡᠭᠡᠷ᠎ᠡ ᠳᠤᠷᠴᠤ ᠪᠠᠶᠢᠬᠤ ᠦᠶᠡᠰ ᠰᠦᠰᠦᠨ ᠳᠤ ᠪᠠᠺᠲ᠋ᠧᠷᠢ ᠦᠷᠡᠵᠢᠨ ᠦᠷᠪᠢᠰᠦᠯᠡᠵᠦ᠂ ᠲᠦᠷᠭᠡᠨ | ᠴᠢᠨᠠᠷᠳᠠᠢ ᠰᠦᠰᠦᠨ ᠤ ᠤᠭᠤᠳᠠ ᠶᠢᠨ ᠦᠷᠪᠢᠰᠦᠯ ᠪᠤᠯᠳᠠᠭ᠃ ᠴᠢᠯᠠᠭᠤᠵᠢᠯ ᠨᠢ ᠰᠦᠰᠦᠨ ᠤ ᠭᠤᠤᠷᠰᠤ ᠪᠠᠷ | ᠳᠤᠷᠤᠭᠰᠢ ᠰᠦᠰᠦᠨ ᠤ ᠶᠡᠷᠦᠩᠭᠡᠢ ᠭᠤᠤᠷᠰᠤ ᠳᠤ ᠤᠷᠤᠭᠠᠳ ᠳᠤᠷᠴᠤ᠂ ᠭᠡᠳᠡᠰᠦᠨ ᠳᠤ ᠤᠷᠤᠵᠤ ᠲᠡᠶᠢᠯᠬᠦ ᠦᠭᠡᠢ | ᠪᠤᠯᠬᠤ ᠦᠶᠡᠰ ᠲᠦᠷᠭᠡᠨ ᠴᠢᠨᠠᠷᠳᠠᠢ ᠰᠦᠰᠦᠨ ᠤ ᠭᠤᠤᠷᠰᠤ ᠶᠢᠨ ᠦᠷᠪᠢᠰᠦᠯ ᠪᠠ ᠨᠦᠢᠷ ᠤᠨ ᠪᠤᠯᠴᠢᠷᠬᠠᠢ ᠶᠢᠨ | ᠦᠷᠪᠢᠰᠦᠯ ᠪᠤᠯᠵᠤ᠂ ᠴᠢᠨᠠᠬᠰᠢᠯᠠᠪᠠᠯ ᠠᠮᠢ ᠨᠠᠰᠤᠨ ᠳᠤ ᠠᠶᠤᠯ ᠪᠤᠯᠳᠠᠭ᠃ |