| | ᠳᠦᠷᠪᠡ᠂ ᠬᠢᠯᠢ ᠪᠠᠷ ᠭᠠᠷᠬᠤ ᠤᠷᠤᠬᠤ ᠠᠵᠢᠯ ᠤᠨ ᠦᠢᠯᠡᠴᠢᠯᠡᠭᠡᠨ ᠤ ᠬᠠᠮᠢᠶᠠᠷᠣᠯᠳᠠ ᠶᠢᠨ ᠲᠠᠯ᠎ᠠ ᠪᠠᠷ | 34. ︽ᠢᠨᠲ᠋ᠧᠷ ᠰᠦᠯᠵᠢᠶ᠎ᠡ + ᠢᠳᠡᠬᠡᠮᠵᠢᠳᠦ ᠪᠡᠶ᠎ᠡ ᠶᠢᠨ ᠭᠠᠷᠣᠯ ᠢ ᠪᠠᠳᠣᠯᠭᠠᠵᠢᠭᠤᠯᠬᠤ ᠳᠡᠪᠴᠠᠩ︾ ᠢ | ᠬᠡᠷᠡᠭᠵᠢᠬᠦᠯᠦᠨ᠂ ᠢᠨᠲ᠋ᠧᠷ ᠰᠦᠯᠵᠢᠶ᠎ᠡ᠂ ᠬᠢᠯᠢ ᠪᠠᠷ ᠭᠠᠷᠬᠤ ᠤᠷᠤᠬᠤ ᠠᠵᠢᠯ ᠪᠣᠯᠣᠨ ᠢᠳᠡᠬᠡᠮᠵᠢᠳᠦ ᠪᠡᠶ᠎ᠡ ᠶᠢᠨ | ᠦᠨᠡᠮᠯᠡᠯ ᠭᠤᠷᠪᠠ ᠶᠢ ᠨᠢᠭᠡ ᠴᠣᠭᠴᠠᠵᠢᠭᠤᠯᠵᠣ᠂ ︽ᠪᠣᠳᠠᠳᠣ ᠬᠦᠮᠦᠨ + ᠪᠣᠳᠠᠳᠣ ᠭᠠᠵᠠᠷ + ᠪᠣᠳᠠᠳᠣ ᠦᠨᠡᠮᠯᠡᠯ︾ | ᠵᠡᠷᠭᠡ ᠭᠤᠷᠪᠠᠨ ᠪᠣᠳᠠᠳᠣ ᠵᠦᠢᠯ ᠢ ᠳᠠᠩᠰᠠᠯᠠᠬᠤ ᠪᠠᠷ ᠳᠠᠮᠵᠢᠭᠤᠯᠤᠨ᠂ ᠰᠢᠶᠠᠩᠭᠠᠩ᠂ ᠣᠣᠮᠧᠨ᠂ ᠳᠠᠶᠢᠸᠠᠨ ᠳᠤ | ᠪᠦᠯᠬᠦᠮ ᠢᠶᠠᠷ ᠵᠣᠭᠠᠴᠠᠬᠤ ᠶᠢ ᠴᠣᠬᠤᠯᠠᠬᠤ ︵ᠳᠡᠮᠳᠡᠭᠯᠡᠭᠡ ᠬᠢᠬᠦ︶᠂ ᠰᠦᠯᠵᠢᠶᠡᠨ ᠳᠡᠭᠡᠷ᠎ᠡ ᠣᠷᠢᠳᠴᠢᠯᠠᠨ | ᠪᠣᠯᠵᠣᠬᠤ᠂ ᠰᠦᠯᠵᠢᠶᠡᠨ ᠳᠡᠭᠡᠷ᠎ᠡ ᠰᠦᠢᠳᠬᠡᠯ ᠳᠣᠰᠢᠶᠠᠬᠤ ᠪᠠ ᠳᠦᠷᠭᠡᠨ ᠭᠤᠪᠢᠭᠤᠯᠭ᠎ᠠ ᠶᠠᠪᠤᠭᠤᠯᠬᠤ ᠵᠡᠷᠭᠡ ᠠᠵᠢᠯ | ᠢ ᠪᠣᠳᠠᠳᠠᠶᠢᠵᠢᠭᠤᠯᠤᠨ ᠭᠠᠷᠳᠠᠮ ᠬᠦᠢᠴᠡᠳᠬᠡᠬᠦ ᠠᠵᠢᠯ ᠳᠤ ᠣᠯᠠᠮ ᠨᠢᠭᠡ ᠠᠯᠬᠤᠮ ᠳᠦᠬᠦᠮ ᠳᠦᠳᠡ ᠦᠢᠯᠡᠴᠢᠯᠡᠭᠡ | ᠬᠠᠩᠭᠠᠨ᠎ᠡ ︵ᠳᠠᠩᠰᠠᠯᠠᠭᠤᠯᠤᠭᠰᠠᠨ ᠣᠯᠣᠰ ᠤᠨ ᠠᠵᠢᠯᠳᠠᠨ ᠡᠭᠦᠨ ᠳᠤ ᠪᠠᠭᠲᠠᠬᠤ ᠦᠭᠡᠢ︶᠃ | 35. ᠴᠦᠬᠡᠨ ᠳᠣᠭᠠᠳᠣ ᠦᠨᠳᠦᠰᠦᠳᠡᠨ ᠳᠦᠪᠯᠡᠷᠡᠨ ᠰᠠᠭᠤᠷᠢᠰᠢᠭᠰᠠᠨ ᠭᠠᠵᠠᠷ ᠲᠤ ︽ᠮᠣᠩᠭᠤᠯ ᠬᠢᠳᠡᠳ︾ | ᠬᠤᠣᠰ ᠬᠡᠯᠡᠨ ᠤ ᠦᠢᠯᠡᠴᠢᠯᠡᠭᠡᠨ ᠤ ᠴᠣᠩᠬᠤᠪᠴᠢ ︵ᠴᠣᠩᠬᠤ︶ ᠳᠣᠬᠢᠷᠠᠭᠤᠯᠤᠨ᠂ ᠴᠦᠬᠡᠨ ᠳᠣᠭᠠᠳᠣ | ᠦᠨᠳᠦᠰᠦᠳᠡᠨ ᠤ ᠬᠢᠯᠢ ᠪᠠᠷ ᠭᠠᠷᠬᠤ ᠤᠷᠤᠬᠤ ᠭᠠᠷᠳᠠᠮ ᠬᠦᠢᠴᠡᠳᠬᠡᠬᠦ ᠳᠤ ᠳᠦᠬᠦᠮ ᠨᠦᠬᠦᠴᠡᠯ ᠬᠠᠩᠭᠠᠵᠠᠢ᠃ | 36. ᠣᠷᠢᠳᠴᠢᠯᠠᠨ ᠬᠦᠯᠢᠶᠡᠨ ᠠᠪᠴᠣ ᠰᠢᠢᠳᠪᠦᠷᠢᠯᠡᠬᠦ ᠦᠢᠯᠡᠴᠢᠯᠡᠭᠡᠨ ᠤ ᠳᠡᠪᠴᠠᠩ ᠢᠶᠠᠷ ᠳᠠᠮᠵᠢᠭᠤᠯᠤᠨ᠂ | ᠭᠤᠶᠣᠴᠢᠯᠠᠭᠴᠢ ᠬᠤᠶᠠᠳᠣᠭᠠᠷ ᠦᠶ᠎ᠡ ᠶᠢᠨ ᠪᠡᠶ᠎ᠡ ᠶᠢᠨ ᠦᠨᠡᠮᠯᠡᠯ ᠢᠶᠠᠨ ᠰᠢᠷᠪᠢᠵᠦ᠂ ᠰᠡᠬᠦᠳᠡᠷ ᠪᠣᠶᠣ ᠬᠦᠰᠦᠨᠦᠭᠳᠦ | ᠳᠠᠭᠯᠠᠬᠤ ᠠᠵᠢᠯ ᠢ ᠬᠦᠢᠴᠡᠳᠬᠡᠬᠦ ᠶᠢ ᠳᠦᠭᠡᠮᠡᠯᠵᠢᠬᠦᠯᠦᠨ᠎ᠡ᠃ | 37. ᠸᠢᠴᠠᠲ ᠤᠨ ᠣᠯᠠᠨ ᠨᠡᠶᠢᠳᠡ ᠶᠢᠨ ᠳᠡᠪᠴᠠᠩ ᠪᠠᠶᠢᠭᠤᠯᠤᠨ᠂ ᠬᠦᠮᠦᠰ ᠤᠨ ᠬᠢᠯᠢ ᠪᠠᠷ ᠭᠠᠷᠬᠤ | ᠤᠷᠤᠬᠤ ᠠᠵᠢᠯ ᠤᠨ ᠬᠠᠮᠢᠶᠠᠳᠠᠢ ᠠᠰᠠᠭᠤᠨ ᠯᠠᠪᠯᠠᠬᠤ᠂ ᠰᠦᠯᠵᠢᠶᠡᠨ ᠳᠡᠭᠡᠷ᠎ᠡ ᠪᠣᠯᠵᠣᠬᠤ᠂ ᠸᠢᠴᠠᠲ ᠪᠣᠶᠣ ᡁᠢ ᠹᠦ᠋ | ᠪᠣᠣ ᠪᠠᠷ ᠰᠦᠢᠳᠬᠡᠯ ᠳᠣᠰᠢᠶᠠᠬᠤ᠂ ᠭᠠᠷ ᠬᠦᠢᠴᠡᠳᠬᠡᠯ ᠤᠨ ᠠᠵᠢᠯ ᠤᠨ ᠠᠬᠢᠴᠠ ᠶᠢ ᠯᠠᠪᠯᠠᠬᠤ ᠪᠠ ᠦᠢᠯᠡᠴᠢᠯᠡᠭᠡᠨ | ᠳᠤ ᠬᠢᠨᠠᠯᠳᠠ ᠳᠠᠯᠪᠢᠬᠤ ᠳᠤ ᠳᠦᠬᠦᠮ ᠨᠦᠬᠦᠴᠡᠯ ᠬᠠᠩᠭᠠᠨ᠎ᠠ᠃ | 38. ᠬᠢᠯᠢ ᠪᠠᠷ ᠣᠷᠣᠬᠤ ᠭᠠᠷᠬᠤ ᠶᠢ ᠭᠤᠶᠣᠴᠢᠯᠠᠵᠣ ᠪᠠᠶᠢᠭ᠎ᠠ ᠬᠥᠮᠥᠰ ᠲᠤ ᠦᠨ᠎ᠡ ᠳᠦᠯᠦᠪᠦᠷᠢ ᠦᠭᠡᠢ | ᠦᠨᠡᠮᠯᠡᠯ ᠤᠨ ᠰᠡᠬᠦᠳᠡᠷ ᠳᠠᠳᠠᠵᠣ ᠦᠭᠬᠦ ᠪᠣᠶᠣ ᠳᠠᠷᠤᠮᠠᠯᠯᠠᠬᠤ ᠴᠢᠬᠤᠯᠠ ᠪᠦᠬᠦᠢ ᠪᠢᠴᠢᠭ ᠮᠠᠲ᠋ᠧᠷᠢᠶᠠᠯ ᠢ ᠦᠨ᠎ᠡ | ᠳᠦᠯᠦᠪᠣᠷᠢ ᠦᠭᠡᠢ ᠳᠠᠷᠤᠮᠠᠯᠯᠠᠵᠣ ᠦᠭᠬᠦᠨ᠎ᠡ᠃ | 39. ᠮᠠᠨ ᠤ ᠣᠷᠣᠨ ᠳᠤ ᠣᠷᠣᠰᠢᠨ ᠰᠠᠭᠤᠬᠤ ᠶᠢ ᠭᠤᠶᠤᠴᠢᠯᠠᠭᠰᠠᠨ ᠭᠠᠳᠠᠭᠠᠳᠤ ᠣᠯᠣᠰ ᠤᠨ ᠬᠦᠮᠦᠨ ᠤ | ᠭᠤᠶᠤᠴᠢᠯᠠᠬᠤ ᠪᠢᠴᠢᠭ ᠮᠠᠲ᠋ᠧᠷᠢᠶᠠᠯ ᠪᠦᠷᠢᠨ ᠪᠣᠯᠣᠭᠰᠠᠨ ᠪᠠᠶᠢᠳᠠᠯ ᠳᠤ ᠬᠦᠯᠢᠶᠡᠨ ᠠᠪᠴᠣ ᠰᠢᠢᠳᠪᠦᠷᠢᠯᠡᠬᠦ | ᠬᠤᠭᠤᠴᠠᠭ᠎ᠠ ᠶᠢ 15 ᠠᠵᠢᠯᠯᠠᠬᠤ ︵ᠠᠵᠢᠯ ᠤᠨ︶ ᠡᠳᠦᠷ ᠪᠠᠶᠢᠭᠰᠠᠨ ᠢ 10 ᠠᠵᠢᠯᠯᠠᠬᠤ ᠡᠳᠦᠷ ᠪᠣᠯᠭᠠᠨ | ᠪᠣᠭᠤᠨᠢᠰᠬᠠᠵᠠᠢ᠃ ᠡᠬᠦᠨ ᠤ ᠬᠠᠮᠳᠣ᠂ ᠮᠠᠨ ᠤ ᠣᠯᠣᠰ ᠲᠤ ᠪᠠᠶᠢᠩᠭᠤ ᠣᠷᠣᠰᠢᠨ ᠰᠠᠭᠤᠵᠣ ᠪᠠᠶᠢᠭ᠎ᠠ ᠭᠠᠳᠠᠭᠠᠳᠤ | ᠣᠯᠣᠰ ᠤᠨ ᠬᠦᠮᠦᠰ ᠲᠤ ᠸᠢᠰᠠ ᠶᠢᠨ ᠬᠤᠭᠤᠴᠠᠭ᠎ᠠ ᠳᠠᠭᠤᠰᠬᠤ ᠶᠢ ᠰᠠᠨᠠᠭᠤᠯᠬᠤ ᠦᠢᠯᠡᠴᠢᠯᠡᠭᠡ ᠬᠠᠩᠭᠠᠨ᠎ᠠ᠃ | 40. ᠮᠠᠨ ᠤ ᠣᠷᠣᠨ ᠤ ᠰᠠᠭᠤᠭᠠᠯᠢ ᠠᠷᠠᠳ᠂ ᠡᠷᠦᠬᠡ ᠠᠮᠠ ᠪᠠᠶᠢᠭ᠎ᠠ ᠭᠠᠵᠠᠷ ᠲᠤ ᠪᠠᠨ ᠡᠩ ᠤᠨ | ᠫᠠᠰᠫᠤᠷᠲ᠂ ᠰᠢᠶᠠᠩᠭᠠᠩ᠂ ᠣᠣᠮᠸᠠ᠂ ᠳᠠᠶᠢᠸᠠᠨ ᠳᠤ ᠵᠣᠷᠴᠢᠬᠤ ᠦᠨᠡᠮᠯᠡᠯ ᠢ ᠭᠤᠶᠤᠴᠢᠯᠠᠨ ᠠᠪᠬᠤ ᠬᠤᠭᠤᠴᠠᠭ᠎ᠠ | ᠶᠢ 7 ᠠᠵᠢᠯᠯᠠᠬᠤ ᠡᠳᠦᠷ ᠪᠣᠯᠭᠠᠨ ᠳᠦᠷᠭᠡᠳᠬᠡᠬᠦ ᠶᠢᠨ ᠬᠠᠮᠳᠣ᠂ ᠣᠨᠳᠣᠣ ᠭᠠᠵᠠᠷ ᠲᠤ ᠭᠠᠷᠳᠠᠮ ᠬᠦᠢᠴᠡᠳᠬᠡᠬᠦ | ᠬᠤᠭᠤᠴᠠᠭ᠎ᠠ ᠶᠢ ᠳᠦᠷᠭᠡᠳᠬᠡᠨ᠂ ᠮᠣᠵᠢ ︵ᠣᠷᠣᠨ︶ ᠠᠯᠣᠰᠯᠠᠭᠰᠠᠨ ᠬᠦᠢᠴᠡᠳᠬᠡᠯ ᠤᠨ ᠬᠢᠨᠡᠨ ᠬᠦᠢᠴᠡᠳᠬᠡᠬᠦ | ᠬᠤᠭᠤᠴᠠᠭ᠎ᠠ ᠶᠢ 30 ᠡᠳᠦᠷ ᠠᠴᠠ 20 ᠡᠳᠦᠷ ᠪᠣᠯᠭᠠᠨ ᠪᠣᠭᠤᠨᠢᠰᠬᠠᠨᠡ᠃ | 41. ᠮᠠᠨ ᠤ ᠣᠷᠣᠨ ᠤ ᠰᠠᠭᠤᠭᠠᠯᠢ ᠠᠷᠠᠳ ︵ᠳᠠᠩᠰᠠᠯᠠᠭᠤᠯᠤᠭᠰᠠᠨ ᠣᠯᠣᠰ ᠤᠨ ᠠᠵᠢᠯᠳᠠᠨ ᠪᠣᠶᠣ ᠴᠡᠷᠢᠭ | ᠤᠨ ᠠᠯᠪᠠ ᠬᠠᠭᠠᠵᠣ ᠪᠠᠶᠢᠭ᠎ᠠ ᠬᠦᠮᠦᠨ ᠠᠴᠠ ᠪᠣᠰᠣᠳ︶᠂ ᠬᠡᠷᠪᠡ ᠮᠠᠨ ᠤ ᠣᠷᠣᠨ ᠤ ᠬᠢᠯᠢ ᠪᠠᠷ ᠣᠷᠣᠵᠣ ᠭᠠᠷᠬᠤ | ᠶᠢ ᠬᠠᠮᠢᠶᠠᠷᠬᠤ ᠪᠠᠶᠢᠭᠤᠯᠤᠮᠵᠢ ᠠᠴᠠ ᠣᠯᠭᠤᠭᠰᠠᠨ ᠡᠯᠧᠺᠲᠷᠣᠨ ᠰᠢᠶᠠᠩᠭᠠᠩ᠂ ᠣᠣᠮᠧᠨ᠂ ᠳᠠᠶᠢᠸᠠᠨ ᠳᠤ | ᠨᠡᠪᠳᠡᠷᠡᠬᠦ ᠦᠨᠡᠮᠯᠡᠯ ᠲᠠᠢ ᠬᠦᠮᠦᠰ ᠪᠦᠯᠬᠦᠮ ᠢᠶᠠᠷ ᠵᠣᠭᠠᠴᠠᠬᠤ ᠶᠢ ᠴᠣᠬᠤᠯᠠᠬᠤ ᠳᠤ᠂ ᠮᠠᠨ ᠤ ᠣᠷᠣᠨ ᠤ 12 | ᠠᠶᠢᠮᠠᠭ ᠬᠤᠳᠠ᠂ ᠮᠠᠨᠵᠣᠣᠷ᠂ ᠡᠷᠢᠶᠡᠨ ᠬᠤᠳᠠ ᠪᠣᠯᠣᠨ 80% ᠶᠢᠨ ᠬᠤᠰᠢᠭᠤ ᠰᠢᠶᠠᠨ ᠤ ᠳᠣᠷ᠎ᠠ ᠶᠢᠨ ᠨᠢᠭᠡ | ᠰᠢᠶᠠᠩᠭᠠᠩ᠂ ᠣᠣᠮᠧᠨ᠂ ᠳᠠᠶᠢᠸᠠᠨ ᠳᠤ ᠵᠤᠷᠴᠢᠬᠤ ᠶᠢ ᠴᠣᠬᠤᠯᠠᠳᠠᠭ ᠠᠦ᠋ᠲ ᠳᠦᠬᠦᠭᠡᠷᠦᠮᠵᠢ ᠳᠤ ᠰᠢᠭᠤᠳ | ᠴᠣᠬᠤᠯᠠᠯᠲᠠ ᠬᠢᠵᠦ ᠪᠣᠯᠣᠨ᠎ᠠ᠃ | 42. ᠣᠨᠳᠣᠣ ᠭᠠᠵᠠᠷ ᠬᠢᠯᠢ ᠪᠠᠷ ᠭᠠᠷᠬᠤ ᠤᠷᠤᠬᠤ ᠦᠨᠡᠮᠯᠡᠯ ᠢ ᠰᠣᠯᠢᠬᠤ ︵ᠨᠦᠬᠦᠨ ᠪᠦᠷᠢᠳᠬᠡᠬᠦᠯᠬᠦ︶ | ᠠᠵᠢᠯ ᠢ ᠳᠦᠭᠡᠮᠡᠯᠵᠢᠬᠦᠯᠦᠨ᠎ᠡ᠃ ᠡᠬᠡ ᠬᠠᠭᠤᠷᠠᠢ ᠶᠢᠨ ᠰᠠᠭᠤᠭᠠᠯᠢ ᠠᠷᠠᠳ ᠮᠠᠨ ᠤ ᠣᠷᠣᠨ ᠤ ᠳᠣᠷ᠎ᠠ ᠶᠢᠨ ᠨᠢᠭᠡ | ᠳᠣᠳᠣᠭᠠᠳᠣ ᠶᠢ ᠬᠠᠮᠠᠭᠠᠯᠠᠬᠤ ᠬᠢᠯᠢ ᠪᠠᠷ ᠭᠠᠷᠬᠤ ᠤᠷᠤᠬᠤ ᠠᠵᠢᠯ ᠤᠨ ᠬᠠᠮᠢᠶᠠᠷᠣᠯᠳᠠ ᠶᠢᠨ ᠪᠠᠶᠢᠭᠤᠯᠭ᠎ᠠ ᠳᠤ ᠡᠩ | ᠤᠨ ᠫᠠᠰᠫᠣᠷᠲ᠂ ᠰᠢᠶᠠᠩᠭᠠᠩ᠂ ᠣᠣᠮᠧᠨ᠂ ᠳᠠᠶᠢᠸᠠᠨ ᠳᠤ ᠨᠡᠪᠳᠡᠷᠡᠬᠦ ᠦᠨᠡᠮᠯᠡᠯ ᠢ ᠰᠣᠯᠢᠬᠤ ᠪᠣᠶᠣ ᠨᠦᠬᠦᠨ | ᠪᠦᠷᠢᠳᠬᠡᠬᠦᠯᠬᠦ ᠶᠢ ᠭᠤᠶᠤᠴᠢᠯᠠᠵᠣ ᠪᠣᠯᠬᠤ ᠮᠦᠷᠳᠡᠭᠡᠨ ᠰᠢᠶᠠᠩᠭᠠᠩ᠂ ᠣᠣᠮᠧᠨ᠂ ᠳᠠᠶᠢᠸᠠᠨ ᠳᠤ ᠪᠦᠯᠬᠦᠮ ᠢᠶᠠᠷ | ᠵᠣᠭᠠᠴᠠᠬᠤ ᠶᠢ ᠴᠣᠬᠤᠯᠠᠬᠤ ᠬᠢᠬᠦ ᠶᠢ ᠭᠤᠶᠤᠴᠢᠯᠠᠵᠣ ᠪᠣᠯᠣᠨ᠎ᠠ᠃ | 43. ᠨᠦᠬᠦᠴᠡᠯ ᠳᠤ ᠨᠡᠶᠢᠴᠡᠭᠰᠡᠨ ᠪᠤᠰᠣᠳ ᠮᠣᠵᠢ᠂ ᠣᠷᠣᠨ ᠤ ᠰᠠᠭᠤᠭᠠᠯᠢ ᠠᠷᠠᠳ᠂ ᠣᠷᠣᠰᠢᠨ | ᠰᠠᠭᠤᠵᠣ ᠪᠠᠶᠢᠭ᠎ᠠ ᠭᠠᠵᠠᠷ ᠤᠨ ᠣᠶᠢᠷᠠᠯᠴᠠᠭᠠᠬᠢ ᠬᠢᠯᠢ ᠪᠠᠷ ᠭᠠᠷᠬᠤ ᠤᠷᠤᠬᠤ ᠭᠠᠷᠳᠠᠮ ᠬᠦᠢᠴᠡᠳᠬᠡᠵᠦ ᠪᠣᠯᠣᠨ᠎ᠠ᠃ | ᠣᠷᠣᠨ ᠤ ᠳᠣᠳᠣᠷ᠎ᠠ ᠡᠷᠦᠬᠡ ᠠᠮᠠ ᠶᠢᠨ ᠳᠠᠩᠰᠠ ᠲᠠᠢ ᠬᠦᠮᠦᠨ ᠤ ᠪᠤᠰᠣᠳ ᠮᠣᠵᠢ᠂ ᠣᠷᠣᠨ ᠳᠤ ᠡᠷᠦᠬᠡ ᠠᠮᠠ | ᠶᠢᠨ ᠳᠠᠩᠰᠠ ᠲᠠᠢ ᠬᠠᠨᠢ ᠨᠦᠬᠦᠷ ᠨᠢ ᠣᠷᠤᠭ ᠤᠨ ᠪᠠᠳᠣᠯᠠᠪᠣᠷᠢ᠂ ᠦᠷ᠎ᠡ ᠬᠡᠦᠬᠡᠳ ᠨᠢ ᠳᠦᠷᠦᠭᠰᠡᠨ ᠬᠡᠷᠡᠴᠢᠯᠡᠭᠡ | ᠪᠠᠨ ᠰᠢᠯᠭᠠᠭᠤᠯᠬᠤ ᠪᠣᠶᠣ ᠳᠡᠬᠦᠨ ᠤ ᠡᠴᠢᠬᠡ ᠡᠬᠡ ᠨᠢ ᠣᠷᠣᠨ ᠤ ᠳᠣᠳᠣᠷ᠎ᠠ ᠡᠷᠦᠬᠡ ᠠᠮᠠ ᠶᠢᠨ ᠳᠠᠩᠰᠠ ᠲᠠᠢ | ᠬᠡᠦᠬᠡᠳ ᠲᠠᠢ ᠪᠠᠶᠢᠬᠤ ᠪᠢᠴᠢᠭ ᠤᠨ ᠬᠡᠯᠪᠡᠷᠢ ᠶᠢᠨ ᠬᠡᠷᠡᠴᠢᠯᠡᠭᠡ ᠪᠣᠶᠣ ᠪᠣᠰᠣᠳ ᠬᠠᠮᠢᠶ᠎ᠠ ᠪᠦᠬᠦᠢ ᠮᠠᠲ᠋ᠧᠷᠢᠶᠠᠯ ᠢᠶᠠᠨ | ᠳᠣᠰᠢᠶᠠᠪᠠᠯ᠂ ᠳᠣᠰ ᠬᠦᠮᠦᠨ ᠤ ᠡᠷᠦᠬᠡ ᠠᠮᠠ ᠪᠠᠶᠢᠭ᠎ᠠ ᠭᠠᠵᠠᠷ ᠤᠨ ᠣᠶᠢᠷᠠᠯᠴᠠᠭ᠎ᠠ ᠡᠩ ᠤᠨ ᠫᠠᠰᠫᠣᠷᠲ᠂ | ᠰᠢᠶᠠᠩᠭᠠᠩ᠂ ᠣᠣᠮᠧᠨ᠂ ᠳᠠᠶᠢᠸᠠᠨ ᠳᠤ ᠨᠡᠪᠳᠡᠷᠡᠬᠦ ᠦᠨᠡᠮᠯᠡᠯ ᠪᠣᠶᠣ ᠬᠡᠷᠡᠴᠢᠯᠡᠭᠡ ᠬᠦᠢᠴᠡᠳᠬᠡᠵᠦ ᠪᠣᠯᠣᠨ᠎ᠠ ︵ | ᠳᠠᠩᠰᠠᠯᠠᠭᠤᠯᠤᠭᠰᠠᠨ ᠣᠯᠣᠰ ᠤᠨ ᠠᠵᠢᠯᠳᠠᠨ ᠪᠣᠶᠣ ᠴᠡᠷᠢᠭ ᠤᠨ ᠠᠯᠪᠠ ᠬᠦᠢᠴᠡᠳᠬᠡᠵᠦ ᠪᠠᠶᠢᠭ᠎ᠠ ᠬᠦᠮᠦᠨ ᠠᠴᠠ | ᠪᠣᠰᠣᠳ︶᠃ | 44. ᠰᠢᠶᠠᠩᠭᠠᠩ᠂ ᠣᠣᠮᠧᠨ᠂ ᠳᠠᠶᠢᠸᠠᠨ ᠳᠤ ᠵᠣᠷᠴᠢᠬᠤ ᠴᠣᠬᠤᠯᠠᠯᠲᠠ ᠬᠢᠬᠦ ᠤᠳᠠᠭ᠎ᠠ ᠶᠢᠨ ᠲᠤᠭ᠎ᠠ | ᠬᠡᠳᠦᠢ ᠦᠯᠡᠳᠡᠵᠦ ᠪᠠᠶᠢᠬᠤ ᠶᠢ ᠪᠠᠶᠢᠴᠠᠭᠠᠬᠤ ᠠᠦ᠋ᠲ ᠦᠢᠯᠡᠴᠢᠯᠡᠭᠡ ᠶᠢ ᠬᠠᠩᠭᠠᠪᠠ᠃ ᠭᠤᠶᠤᠴᠢᠯᠠᠭᠴᠢ | ᠦᠪᠡᠷᠳᠡᠭᠡᠨ ᠵᠠᠰᠠᠬᠤ ᠣᠷᠣᠨ ᠤ ᠳᠣᠳᠣᠭᠠᠳᠣ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠭᠠᠷᠬᠤ ᠤᠷᠤᠬᠤ ᠶᠢ | ᠬᠠᠮᠢᠶᠠᠷᠬᠤ ᠪᠠᠶᠢᠭᠤᠯᠣᠮᠵᠢ ᠠᠴᠠ ᠣᠯᠭᠤᠭᠰᠠᠨ ᠡᠯᠧᠺᠲᠷᠣᠨ ᠰᠢᠶᠠᠩᠭᠠᠩ᠂ ᠣᠣᠮᠧᠨ᠂ ᠳᠠᠶᠢᠸᠠᠨ ᠳᠤ ᠨᠡᠪᠳᠡᠷᠡᠬᠦ | ᠦᠨᠡᠮᠯᠡᠯ ᠢᠶᠠᠨ ᠠᠪᠴᠣ ᠪᠠᠶᠢᠪᠠᠯ᠂ ᠦᠪᠡᠷᠳᠡᠭᠡᠨ ᠵᠠᠰᠠᠬᠤ ᠣᠷᠣᠨ ᠤ ᠳᠣᠷ᠎ᠠ ᠶᠢᠨ ᠨᠢᠭᠡ ᠰᠢᠶᠠᠩᠭᠠᠩ᠂ ᠣᠣᠮᠧᠨ᠂ | ᠳᠠᠶᠢᠸᠠᠨ ᠳᠤ ᠵᠣᠷᠴᠢᠬᠤ ᠶᠢ ᠴᠣᠬᠤᠯᠠᠬᠤ ᠠᠦ᠋ᠲ ᠳᠦᠬᠦᠭᠡᠷᠦᠮᠵᠢ ᠳᠤ ᠬᠡᠳᠦ ᠣᠳᠠᠭᠠᠨ ᠤ ᠴᠣᠬᠤᠯᠠᠯᠲᠠ | ᠦᠯᠡᠳᠡᠵᠦ ᠪᠠᠶᠢᠬᠤ ᠡᠰᠡᠬᠦ ᠪᠠᠨ ᠪᠠᠶᠢᠴᠠᠭᠠᠵᠣ ᠪᠣᠯᠣᠨ᠎ᠠ᠃ | 45. ᠮᠠᠨ ᠤ ᠣᠷᠣᠨ ᠤ ᠳᠣᠳᠣᠭᠠᠳᠣ ᠶᠢ ᠬᠠᠮᠠᠭᠠᠯᠠᠬᠤ ᠪᠠᠶᠢᠭᠤᠯᠭ᠎ᠠ ᠶᠢᠨ ᠬᠢᠯᠢ ᠪᠠᠷ ᠭᠠᠷᠬᠤ ᠤᠷᠤᠬᠤ ᠶᠢ | ᠬᠠᠮᠢᠶᠠᠷᠬᠤ ᠪᠠᠶᠢᠭᠤᠯᠤᠮᠵᠢ ᠨᠢ ᠭᠠᠳᠠᠭᠠᠳᠤ ᠣᠯᠣᠰ ᠤᠨ ᠬᠦᠮᠦᠨ ᠫᠠᠰᠫᠣᠷᠲ ᠢᠶᠠᠨ ᠬᠡᠭᠡᠭᠡᠳ ᠨᠦᠬᠦᠨ | ᠪᠦᠷᠢᠳᠬᠡᠬᠦᠯᠬᠦ ᠪᠠᠷ ᠪᠠᠴᠢᠮ ᠶᠠᠭᠠᠷᠠᠣ ᠸᠢᠰᠠ ᠬᠢᠯᠭᠡᠵᠦ ᠬᠢᠯᠢ ᠪᠠᠷ ᠭᠠᠷᠬᠤ ᠴᠢᠬᠤᠯᠠᠳᠠᠢ ᠦᠶ᠎ᠡ ᠳᠤ ᠴᠠᠭ ᠳᠠᠷᠣᠢ ᠳᠤ | ᠨᠢ ᠬᠦᠯᠢᠶᠡᠨ ᠠᠪᠴᠣ ᠬᠢᠨᠠᠨ ᠵᠦᠪᠰᠢᠶᠡᠷᠡᠬᠦ ᠠᠵᠢᠯ ᠢ ᠬᠦᠢᠴᠡᠳᠬᠡᠨ᠎ᠠ᠃ ᠭᠠᠳᠠᠭᠠᠳᠣ ᠶᠢᠨ ᠬᠠᠷᠢᠶ᠎ᠠ ᠲᠠᠢ | ᠳᠣᠮᠳᠠᠳᠣ ᠶᠢᠨ ᠬᠦᠮᠦᠨ ᠳᠤ ᠸᠢᠰᠠ ᠪᠣᠶᠣ ᠣᠷᠣᠰᠢᠨ ᠰᠠᠭᠤᠬᠤ ᠳᠦᠬᠦᠮ ᠨᠦᠬᠦᠴᠡᠯ ᠬᠠᠩᠭᠠᠨ᠎ᠡ᠃ ᠳᠣᠮᠳᠠᠳᠣ ᠳᠤ | ᠢᠷᠡᠵᠦ ᠰᠠᠳᠣᠨ ᠳᠦᠷᠦᠯ ᠢᠶᠠᠨ ᠡᠷᠬᠢᠵᠦ ᠦᠵᠡᠬᠦ᠂ ᠠᠷᠠᠯᠵᠢᠶ᠎ᠡ ᠮᠠᠶᠢᠮᠠᠢ ᠬᠡᠯᠡᠯᠴᠡᠬᠦ᠂ ᠰᠢᠨᠵᠢᠯᠡᠬᠦ ᠣᠬᠠᠭᠠᠨ | ᠰᠣᠷᠭᠠᠨ ᠬᠦᠮᠦᠵᠢᠯ᠂ ᠡᠮ ᠡᠮᠨᠡᠯᠭᠡ ᠶᠢᠨ ᠬᠠᠮᠢᠶᠠᠳᠠᠢ ᠠᠵᠢᠯᠯᠠᠭᠠᠨ ᠦᠷᠨᠢᠬᠦᠯᠬᠦ ᠪᠣᠶᠣ ᠬᠤᠪᠢ ᠶᠢᠨ ᠣᠴᠢᠷ ᠢᠶᠠᠨ | ᠰᠢᠢᠳᠪᠦᠷᠢᠯᠡᠬᠦ ᠭᠠᠳᠠᠭᠠᠳᠣ ᠶᠢᠨ ᠬᠠᠷᠢᠶ᠎ᠠ ᠲᠠᠢ ᠳᠣᠮᠳᠠᠳᠣ ᠶᠢᠨ ᠬᠦᠮᠦᠨ ᠳᠤ ᠳᠣᠭᠳᠠᠭᠠᠯ ᠶᠣᠰᠣᠭᠠᠷ 5 ᠵᠢᠯ ᠤᠨ | ᠳᠣᠳᠣᠷ᠎ᠠ ᠣᠯᠠᠨ ᠣᠳᠠᠭ᠎ᠠ ᠬᠢᠯᠢ ᠪᠠᠷ ᠣᠷᠣᠵᠣ ᠪᠣᠯᠬᠤ ᠬᠦᠴᠦᠨ ᠪᠦᠬᠦᠢ ᠸᠢᠰᠠ ᠣᠯᠭᠤᠨ᠎ᠠ᠃ ᠳᠣᠬᠠᠢ ᠶᠢᠨ | ᠭᠠᠵᠠᠷ ᠠᠵᠢᠯᠯᠠᠵᠣ ᠰᠣᠷᠣᠯᠴᠠᠵᠣ ᠪᠠᠶᠢᠭ᠎ᠠ᠂ ᠰᠠᠳᠣᠨ ᠳᠦᠷᠦᠯ ᠢᠶᠠᠨ ᠡᠷᠬᠢᠨ ᠦᠵᠡᠵᠦ ᠪᠠᠶᠢᠭ᠎ᠠ ᠪᠣᠶᠣ ᠬᠤᠪᠢ ᠶᠢᠨ | ᠣᠴᠢᠷ ᠢᠶᠠᠷ ᠣᠳᠠᠭᠠᠨ ᠬᠤᠭᠤᠴᠠᠭ᠎ᠠ ᠣᠷᠣᠰᠢᠨ ᠰᠠᠭᠤᠬᠤ ᠴᠢᠬᠤᠯᠠ ᠲᠠᠢ ᠭᠠᠳᠠᠭᠠᠳᠣ ᠶᠢᠨ ᠬᠠᠷᠢᠶ᠎ᠠ ᠲᠠᠢ | ᠳᠣᠮᠳᠠᠳᠣ ᠶᠢᠨ ᠬᠦᠮᠦᠨ ᠳᠤ ᠳᠣᠭᠳᠠᠭᠠᠯ ᠶᠣᠰᠣᠭᠠᠷ ᠳᠠᠪᠣᠨ ᠵᠢᠯ ᠤᠨ ᠳᠣᠳᠣᠷ᠎ᠠ ᠣᠷᠣᠰᠢᠨ ᠰᠠᠭᠤᠬᠤ ᠬᠦᠴᠦᠨ | ᠪᠦᠬᠦᠢ ᠵᠥᠪᠰᠢᠶᠡᠷᠡᠯ ᠣᠯᠭᠤᠵᠣ ᠪᠣᠯᠣᠨ᠎ᠠ᠃ | 46. ᠠᠦ᠋ᠲ ᠱᠣᠭᠤᠮ ᠢᠶᠠᠷ ᠬᠢᠯᠢ ᠪᠠᠷ ᠭᠠᠷᠬᠤ ᠤᠷᠤᠬᠤ ᠶᠢ ᠬᠦᠢᠴᠡᠳᠬᠡᠵᠦ ᠪᠠᠶᠢᠭ᠎ᠠ ᠵᠢᠭᠤᠯᠴᠢᠯᠠᠭᠴᠢᠳ | ᠲᠤ ᠬᠢᠯᠢ ᠪᠠᠷ ᠣᠷᠣᠵᠣ ᠭᠠᠷᠣᠭᠰᠠᠨ ᠴᠣᠬᠤᠯᠠᠯᠲᠠ ᠶᠢᠨ ᠵᠥᠪᠰᠢᠶᠡᠷᠡᠯ ᠢᠶᠠᠨ ᠦᠪᠡᠷᠳᠡᠭᠡᠨ ᠳᠠᠷᠤᠮᠠᠯᠯᠠᠵᠣ ᠪᠣᠯᠬᠤ | ᠦᠢᠯᠡᠴᠢᠯᠡᠭᠡ ᠬᠠᠩᠭᠠᠨ᠎ᠡ᠃ ᠬᠢᠯᠢ ᠶᠢᠨ ᠰᠡᠷᠭᠡᠶᠢᠯᠡᠯᠳᠡ ᠶᠢᠨ ᠪᠠᠶᠢᠴᠠᠭᠠᠯᠳᠠ ᠶᠢᠨ ᠠᠦ᠋ᠲ ᠱᠤᠭᠤᠮ ᠢᠶᠠᠷ ᠦᠩᠭᠡᠷᠡᠬᠦ | ᠵᠢᠭᠤᠯᠴᠢᠯᠠᠭᠴᠢᠳ ᠠᠦ᠋ᠲ ᠪᠠᠶᠢᠴᠠᠭᠠᠯᠳᠠ ᠶᠢᠨ ᠱᠣᠭᠤᠮ ᠤᠨ ᠠᠷᠣ ᠳᠠᠯ᠎ᠠ ᠶᠢᠨ ᠠᠦ᠋ᠲ ᠳᠠᠷᠤᠮᠠᠯᠯᠠᠬᠤ ᠮᠠᠰᠢᠨ | ᠢᠶᠠᠷ ᠦᠪᠡᠷ ᠤᠨ ᠬᠠᠮᠤᠭ ᠰᠡᠬᠦᠯ ᠳᠤ ᠳᠣᠰ ᠬᠢᠯᠢ ᠶᠢᠨ ᠪᠣᠭᠤᠮᠳᠠ ᠪᠠᠷ ᠣᠷᠣᠭᠰᠠᠨ ᠪᠣᠶᠣ ᠭᠠᠷᠣᠭᠰᠠᠨ ᠳᠡᠮᠳᠡᠭᠯᠡᠯ | ᠤᠨ ᠬᠡᠷᠡᠴᠢᠯᠡᠭᠡ ᠪᠠᠨ ᠦᠨ᠎ᠡ ᠳᠦᠯᠦᠪᠣᠷᠢ ᠦᠭᠡᠢ ᠳᠠᠷᠤᠮᠠᠯᠯᠠᠨ ᠠᠪᠴᠣ ᠪᠣᠯᠣᠨ᠎ᠠ᠃ ᠳᠣᠰ ᠭᠡᠷᠡᠴᠢᠯᠡᠭᠡ ᠪᠣᠯᠣᠨ | ᠬᠢᠯᠢ ᠶᠢᠨ ᠰᠢᠯᠭᠠᠨ ᠪᠠᠶᠢᠴᠠᠭᠠᠯᠳᠠ ᠶᠢᠨ ᠪᠠᠶᠢᠭᠤᠯᠤᠮᠵᠢ ᠶᠢᠨ ᠬᠢᠯᠢ ᠪᠠᠷ ᠭᠠᠷᠬᠤ ᠤᠷᠤᠬᠤ ᠦᠨᠡᠮᠯᠡᠯ ᠳᠡᠭᠡᠷ᠎ᠡ | ᠳᠠᠷᠣᠳᠠᠭ ᠳᠣᠮᠳᠠᠳᠣ ᠣᠯᠣᠰ ᠤᠨ ᠬᠢᠯᠢ ᠶᠢᠨ ᠬᠢᠨᠠᠨ ᠪᠠᠶᠢᠴᠠᠭᠠᠯᠳᠠ ᠶᠢᠨ ᠳᠠᠮᠠᠭ᠎ᠠ ᠲᠠᠢ ᠠᠳᠠᠯᠢᠬᠠᠨ ᠬᠦᠴᠦᠨ ᠲᠠᠢ | ᠃ | 47. ᠦᠨᠡᠮᠯᠡᠯ ᠭᠤᠶᠤᠴᠢᠯᠠᠬᠤ ᠠᠵᠢᠯ ᠢ ᠨᠡᠶᠢᠭᠡᠯᠡ ᠤᠳᠠᠭ᠎ᠠ ᠳᠤ ᠭᠦᠢᠴᠡᠳᠬᠡᠵᠦ ᠳᠠᠭᠤᠰᠬᠠᠬᠤ ᠶᠢ | ᠬᠡᠷᠡᠭᠵᠢᠭᠦᠯᠦᠨ᠎ᠡ᠃ ᠰᠢᠶᠠᠩᠭᠠᠩ᠂ ᠣᠣᠮᠧᠨ ᠪᠣᠯᠣᠨ ᠲᠠᠶᠢᠸᠠᠨ ᠳᠤ ᠨᠡᠪᠲᠡᠷᠡᠬᠦ ᠦᠨᠡᠮᠯᠡᠯ ᠭᠤᠶᠤᠴᠢᠯᠠᠬᠤ ᠪᠣᠯᠤᠨ | ᠲᠡᠮᠳᠡᠭᠯᠡᠭᠡ ᠳᠠᠩᠰᠠᠯᠠᠯᠲᠠ ᠶᠢ ᠨᠢᠭᠡᠯᠨ ᠬᠦᠯᠢᠶᠡᠨ ᠠᠪᠬᠤ ᠴᠤᠩᠬᠤᠪᠴᠢ ᠳᠤ ᠭᠦᠢᠴᠡᠳᠬᠡᠬᠦ ᠶᠢ ᠪᠠᠲᠤᠯᠠᠵᠤ᠂ | ᠦᠨᠡᠮᠯᠡᠯ ᠤᠨ ᠰᠡᠭᠦᠳᠡᠷ ᠪᠠᠭᠤᠯᠭᠠᠬᠤ᠂ ᠬᠤᠷᠤᠭᠤᠨ ᠤᠷᠤᠮ ᠢᠶᠠᠨ ᠦᠯᠡᠳᠡᠭᠡᠵᠦ ᠳᠠᠩᠰᠠᠯᠠᠭᠤᠯᠬᠤ᠂ | ᠭᠤᠶᠤᠴᠢᠯᠠᠭᠰᠠᠨ ︵ᠡᠷᠡᠮᠡᠯᠵᠡᠭᠰᠡᠨ︶ ᠮᠠᠲ᠋ᠧᠷᠢᠶᠠᠯ ᠢᠶᠠᠨ ᠲᠤᠰᠢᠶᠠᠬᠤ᠂ ᠨᠢᠭᠤᠷᠳᠡᠨ ᠬᠢᠨᠠᠭᠤᠯᠬᠤ᠂ ᠰᠦᠢᠳᠬᠡᠯ | ᠲᠤᠰᠢᠶᠠᠬᠤ ᠵᠡᠷᠭᠡ ᠪᠦᠬᠦ᠋ᠢᠯᠡ ᠭᠠᠷ ᠭᠦᠢᠴᠡᠳᠬᠡᠯ ᠢ ᠨᠢᠭᠡ ᠯᠡ ᠤᠳᠠᠭ᠎ᠠ ᠳᠤ ᠲᠥᠪᠯᠡᠷᠡᠭᠦᠯᠵᠦ ᠭᠦᠢᠴᠡᠳᠬᠡᠨ᠎ᠡ᠃ | 48. ᠦᠨᠡᠮᠯᠡᠯ ᠢ ᠭᠤᠪᠢᠭᠤᠯᠤᠭᠰᠡᠨ ᠰᠠᠨᠠᠭᠤᠯᠤᠮᠵᠢ ᠶᠢᠨ ᠦᠢᠯᠡᠴᠢᠯᠡᠭᠡ ᠬᠠᠩᠭᠠᠬᠤ ᠶᠢ ᠬᠡᠷᠡᠭᠵᠢᠭᠦᠯᠦᠨ᠎ᠡ᠃ | ᠭᠤᠶᠤᠴᠢᠯᠠᠭᠴᠢ ᠳᠤ ᠦᠨᠡᠮᠯᠡᠯ ᠢ ᠭᠤᠪᠢᠭᠤᠯᠤᠭᠰᠡᠨ ᠤ ᠳᠠᠷᠠᠭ᠎ᠠ ᠭᠤᠪᠢᠭᠤᠯᠤᠭᠴᠢ ᠶᠢᠨ ᠦᠯᠡᠳᠡᠭᠡᠭᠰᠡᠨ ᠤᠲᠠᠰᠤᠨ | ᠨᠣᠮᠧᠷ ᠲᠤ ᠣᠬᠤᠷ ᠴᠢᠮᠡᠭᠡ ᠶᠢᠨ ᠬᠡᠯᠪᠡᠷᠢ ᠪᠠᠷ ᠦᠨᠡᠮᠯᠡᠯ ᠢ ᠭᠤᠪᠢᠭᠤᠯᠤᠭᠰᠡᠨ ᠲᠤᠬᠠᠶ ᠮᠡᠳᠡᠭᠳᠡᠨ᠎ᠡ᠃ | 49.ᠪᠣᠭᠤᠮᠲᠠ ᠶᠢᠨ ᠬᠢᠨᠠᠨ ᠰᠢᠯᠭᠠᠯᠲᠠ ᠪᠠᠷ ᠥᠩᠭᠡᠷᠡᠭᠦᠯᠬᠦ ᠠᠵᠢᠯ ᠤᠨ ᠦᠷ᠎ᠡ ᠪᠦᠲᠦᠮᠵᠢ ᠶᠢ | ᠳᠡᠭᠡᠭᠰᠢᠯᠡᠭᠦᠯᠦᠨ᠎ᠡ᠃ ᠳᠤᠮᠳᠠᠳᠤ ᠤᠯᠤᠰ ᠤᠨ ᠡᠷᠬᠡᠲᠦ ᠠᠷᠠᠳ ᠬᠢᠯᠢ ᠪᠠᠷ ᠤᠷᠤᠬᠤ ᠭᠠᠷᠬᠤ ᠳᠠᠭᠠᠨ ᠭᠤᠴᠢᠨ | ᠮᠢᠨᠦ᠋ᠲ ᠠᠴᠠ ᠳᠡᠭᠡᠭᠰᠢ ᠮᠥᠷᠯᠡᠬᠦ ᠥᠭᠡᠢ ᠪᠠᠶᠢᠬᠤ ᠶᠢ ᠪᠠᠲᠤᠯᠠᠵᠤ᠂ ᠨᠣᠭᠤᠭ᠎ᠠ ᠵᠢᠮᠢᠰ ᠵᠡᠷᠭᠡ ᠶᠢᠨ ᠰᠢᠨ᠎ᠡ | ᠰᠣᠷᠭᠤᠭ ᠪᠦᠲᠦᠭᠡᠭᠳᠡᠬᠦᠨ ᠢ ᠭᠠᠷᠭᠠᠬᠤ ᠪᠤᠶᠤ ᠡᠪᠡᠳᠴᠢᠨ ᠰᠢᠷᠬ᠎ᠠ ᠲᠠᠢ ᠠᠶᠠᠯᠠᠭᠴᠢᠳ ᠲᠤ ᠳᠥᠭᠦᠮ ᠰᠠᠭᠠᠳ | ᠦᠬᠡᠢ ᠨᠥᠬᠦᠴᠡᠯ ᠬᠠᠩᠭᠠᠨ᠎ᠠ᠃ | 50. ᠪᠠᠴᠢᠮ ᠪᠠᠶᠢᠳᠠᠯ ᠳᠤ ᠦᠨᠡᠮᠯᠡᠯ ᠭᠤᠶᠤᠴᠢᠯᠠᠬᠤ ᠬᠡᠪᠴᠢᠶ᠎ᠡ ᠶᠢ ᠥᠷᠭᠡᠳᠬᠡᠨ᠎ᠡ᠃ ᠭᠤᠶᠤᠴᠢᠯᠠᠭᠴᠢ | ᠣᠷᠣᠰᠢᠭᠤᠯᠭ᠎ᠠ ᠳᠤ ᠶᠠᠭᠠᠷᠠᠬᠤ᠂ ᠬᠦᠨᠳᠦ ᠡᠪᠡᠳᠴᠢᠨ ᠦᠵᠡᠭᠦᠯᠬᠦ᠂ ᠬᠦᠨᠳᠦ ᠡᠪᠡᠳᠴᠢᠲᠡᠨ ᠢ ᠪᠣᠯᠭᠤᠭᠠᠨ ᠦᠵᠡᠬᠦ᠂ | ᠬᠢᠯᠢ ᠶᠢᠨ ᠭᠠᠳᠠᠨ᠎ᠠ ᠭᠠᠷᠤᠭᠰᠠᠨ ᠪᠠᠶᠢᠳᠠᠯ ᠳᠤ ᠭᠡᠨᠡᠳᠳᠡ ᠶᠢᠨ ᠤᠴᠢᠷ ᠢ ᠰᠢᠢᠳᠪᠦᠷᠢᠯᠡᠬᠦ᠂ ᠬᠢᠯᠢ ᠠᠴᠠ ᠭᠠᠷᠴᠤ | ᠪᠠᠴᠢᠮ ᠶᠠᠭᠠᠷᠠᠤ ᠬᠤᠷᠠᠯ ᠳᠤ ᠣᠷᠣᠯᠴᠠᠬᠤ ᠪᠤᠶᠤ ᠬᠡᠯᠡᠯᠴᠡᠭᠡ ᠬᠢᠬᠦ᠂ ᠭᠡᠷ᠎ᠡ ᠪᠠᠶᠢᠭᠤᠯᠬᠤ ᠪᠤᠶᠤ ᠭᠠᠳᠠᠭᠠᠳᠤ ᠳᠤ | ᠭᠠᠷᠴᠤ ᠰᠤᠷᠤᠯᠴᠠᠬᠤ ᠨᠡᠷ᠎ᠡ ᠮᠡᠳᠡᠭᠦᠯᠬᠦ ᠴᠠᠭ ᠣᠶᠢᠷᠠᠳᠤᠭᠰᠠᠨ᠂ ᠶᠠᠪᠤᠬᠤ ᠠᠴᠠ ᠪᠠᠨ ᠡᠮᠦᠨ᠎ᠡ ᠦᠨᠡᠮᠯᠡᠯ ᠢᠶᠠᠨ | ᠭᠡᠭᠡᠭᠰᠡᠨ ᠪᠤᠶᠤ ᠰᠦᠢᠳᠬᠡᠭᠰᠡᠨ ᠵᠡᠷᠭᠡ ᠪᠠᠴᠢᠮ ᠶᠠᠭᠠᠷᠠᠤ ᠪᠠᠶᠢᠳᠠᠯ ᠳᠤ ᠦᠨᠡᠮᠯᠡᠯ ᠢ ᠲᠦᠷᠭᠡᠨ ᠭᠦᠢᠴᠡᠳᠬᠡᠵᠦ ᠥᠭᠬᠦ | ᠦᠢᠯᠡᠴᠢᠯᠡᠭᠡ ᠬᠠᠩᠭᠠᠨ᠎ᠠ᠃ | 51. ᠬᠢᠯᠢ ᠪᠠᠷ ᠭᠠᠷᠬᠤ ᠰᠠᠨᠠᠭᠤᠯᠤᠮᠵᠢ ᠶᠢᠨ ᠦᠢᠯᠡᠴᠢᠯᠡᠭᠡ ᠶᠢ ᠠᠬᠢᠭᠤᠯᠤᠨ᠎ᠠ᠃ ᠬᠢᠯᠢ ᠶᠢᠨ ᠭᠠᠳᠠᠨ᠎ᠠ | ᠵᠢᠭᠤᠯᠴᠢᠯᠠᠬᠤ ︵ᠠᠶᠠᠯᠠᠬᠤ︶ ᠠᠮᠤᠷ ᠲᠦᠪᠰᠢᠨ ᠤ ᠰᠠᠨᠠᠭᠤᠯᠤᠮᠵᠢ᠂ ᠬᠢᠯᠢ ᠶᠢᠨ ᠭᠠᠳᠠᠨ᠎ᠠ ᠫᠠᠰᠫᠣᠷᠲ ᠵᠡᠷᠭᠡ | ᠦᠨᠡᠮᠯᠡᠯ ᠢᠶᠠᠨ ᠭᠡᠭᠡᠪᠡᠯ ᠪᠠᠴᠢᠮ ᠪᠠᠶᠢᠳᠠᠯ ᠢ ᠬᠡᠷᠬᠢᠨ ᠠᠷᠭᠠᠴᠠᠭᠠᠬᠤ ᠲᠤᠬᠠᠶ ᠵᠥᠪᠯᠡᠯᠭᠡ᠂ ᠬᠢᠯᠢ ᠶᠢᠨ ᠭᠠᠳᠠᠨ᠎ᠠ | ᠪᠣᠯᠪᠠᠰᠤᠨ ᠢᠶᠠᠷ ᠵᠤᠭᠠᠴᠠᠬᠤ ᠡᠩ ᠤᠨ ᠮᠡᠳᠡᠯᠭᠡ᠂ ᠬᠢᠯᠢ ᠶᠢᠨ ᠭᠠᠳᠠᠨ᠎ᠠ ᠣᠷᠣᠰᠢᠨ ᠰᠠᠭᠤᠬᠤ ᠳᠤ ᠠᠩᠬᠠᠷᠬᠤ ᠵᠦᠢᠯ | ᠤᠳ ᠵᠡᠷᠭᠡ ᠲᠠᠯ᠎ᠠ ᠪᠠᠷ ᠬᠢ ᠤᠬᠠᠭᠤᠯᠭ᠎ᠠ ᠰᠤᠷᠲᠠᠯᠴᠢᠯᠠᠭ᠎ᠠ ᠶᠢ ᠨᠡᠮᠡᠭᠳᠡᠭᠦᠯᠦᠨ᠎ᠡ᠃ | 52. ᠴᠢᠬᠤᠯᠠ ᠪᠤᠰᠤ ᠮᠠᠲ᠋ᠧᠷᠢᠶᠠᠯ ᠳᠤᠲᠠᠭᠤ ᠪᠠᠶᠢᠳᠠᠯ ᠳᠤ ᠤᠷᠢᠳᠠᠪᠠᠷ ᠬᠦᠯᠢᠶᠡᠨ ᠠᠪᠴᠤ ᠰᠢᠢᠳᠪᠦᠷᠢᠯᠡᠬᠦ | ᠦᠢᠯᠡᠴᠢᠯᠡᠭᠡ ᠶᠢ ᠲᠦᠯᠬᠢᠨ ᠠᠬᠢᠭᠤᠯᠤᠨ᠎ᠠ᠃ ᠭᠤᠶᠤᠴᠢᠯᠠᠭᠴᠢ ᠶᠢᠨ ᠭᠤᠣᠯ ᠪᠣᠯᠬᠤ ᠮᠠᠲ᠋ᠧᠷᠢᠶᠠᠯ ᠨᠢ ᠪᠦᠷᠢᠨ | ᠭᠦᠢᠴᠡᠳ᠂ ᠬᠦᠴᠦᠨ ᠲᠠᠢ᠂ ᠬᠠᠤᠯᠢ ᠳᠤ ᠨᠡᠶᠢᠴᠡᠵᠦ ᠪᠠᠶᠢᠭ᠎ᠠ ᠪᠣᠯᠪᠠᠴᠤ ᠪᠤᠰᠤᠳ ᠵᠠᠷᠢᠮ ᠨᠥᠬᠦᠴᠡᠯ ᠪᠤᠶᠤ | ᠳᠠᠭᠠᠯᠳᠤᠭᠤᠯᠤᠭᠰᠠᠨ ᠮᠠᠲ᠋ᠧᠷᠢᠶᠠᠯ ᠨᠢ ᠳᠤᠲᠠᠭᠤ ᠪᠠᠶᠢᠪᠠᠯ᠂ ᠭᠤᠶᠤᠴᠢᠯᠠᠭᠴᠢ ᠳᠤ᠂ ᠤᠷᠢᠳᠠᠪᠡᠷ ᠦᠨᠡᠮᠯᠡᠯ ᠢ | ᠭᠦᠢᠴᠡᠳᠬᠡᠬᠦ ᠭᠠᠷ ᠭᠦᠢᠴᠡᠳᠬᠡᠯ ᠢ ᠬᠢᠵᠦ ᠥᠭᠭᠦᠭᠡᠳ᠂ ᠰᠡᠭᠦᠯᠡᠷ ᠨᠢ ᠬᠠᠮᠢᠶ᠎ᠠ ᠪᠦᠬᠦᠢ ᠮᠠᠲ᠋ᠧᠷᠢᠶᠠᠯ ᠢ ᠨᠢ | ᠨᠥᠬᠦᠪᠥᠷᠢᠯᠡᠬᠦᠯᠵᠦ ᠪᠣᠯᠤᠨ᠎ᠠ ᠃ | 53. ᠦᠢᠯᠡᠴᠢᠯᠡᠭᠡᠨ ᠤ ᠴᠠᠭ ᠢᠶᠠᠨ ᠤᠷᠲᠤᠳᠬᠠᠬᠤ ᠶᠢ ᠠᠬᠢᠭᠤᠯᠤᠨ᠎ᠠ᠃ ᠠᠶᠢᠮᠠᠭ ᠬᠤᠲᠠ ᠠᠴᠠ ᠳᠡᠭᠡᠭᠰᠢᠬᠢ | ᠬᠢᠯᠢ ᠪᠠᠷ ᠭᠠᠷᠬᠤ ᠤᠷᠤᠬᠤ ᠶᠢ ᠬᠠᠮᠢᠶᠠᠷᠬᠤ ᠪᠠᠶᠢᠭᠤᠯᠭ᠎ᠠ ᠠᠴᠠ ᠭᠠᠷᠠᠭ ᠤᠨ ᠵᠢᠷᠭᠤᠭᠠᠨ ᠳᠤ ᠦᠨᠡᠮᠯᠡᠯ | ᠭᠤᠶᠤᠴᠢᠯᠠᠭᠴᠢᠳ ᠲᠤ ᠦᠢᠯᠡᠴᠢᠯᠡᠭᠡ ᠬᠠᠩᠭᠠᠨ᠎ᠠ᠃ ᠦᠨᠡᠮᠯᠡᠯ ᠭᠤᠶᠤᠴᠢᠯᠠᠬᠤ ᠶᠠᠭᠠᠷᠠᠤ ᠴᠠᠭ ᠦᠶ᠎ᠡ ᠳᠤ | ᠦᠢᠯᠡᠴᠢᠯᠡᠬᠦ ᠴᠠᠭ ᠢᠶᠠᠨ ᠤᠷᠲᠤᠳᠬᠠᠬᠤ ᠠᠴᠠ ᠭᠠᠳᠠᠨ᠎ᠠ᠂ ᠪᠠᠶᠠᠷ ᠳᠤᠷᠠᠰᠬᠠᠯ ᠪᠤᠶᠤ ᠠᠮᠠᠷᠠᠯᠲᠠ ᠶᠢᠨ ᠡᠳᠦᠷ ᠤᠨ | ᠡᠮᠦᠨᠡᠬᠢ ᠨᠢᠭᠡ ᠡᠳᠦᠷ ᠤᠨ ᠦᠢᠯᠡᠴᠢᠯᠡᠬᠦ ᠴᠠᠭ ᠢᠶᠠᠨ ᠤᠷᠲᠤᠳᠬᠠᠨ᠎ᠠ᠃ | | ᠢᠷᠡᠯᠲᠡ᠄ ᠳᠣᠲᠣᠭᠠᠳᠤ ᠶᠢ ᠬᠠᠮᠠᠭᠠᠯᠠᠬᠤ ᠲᠢᠩᠬᠢᠮ ᠤᠨ ᠠᠯᠪᠠᠨ ᠬᠡᠷ |