ᠬᠤᠭᠤᠷ ᠤᠨ ᠦᠯᠢᠭᠡᠷᠴᠢᠨ ᠴᠢ ᠵᠧᠨ ᠮᠢᠩ ᠢ ᠰᠤᠷᠪᠤᠯᠵᠢᠯᠠᠬᠰᠠᠨ ᠨᠢ
ᠨᠡᠶᠢᠲᠡᠯᠡᠭᠰᠡᠨ ᠴᠠᠭ᠄
2020/4/28
    2020 ᠣᠨ ᠤ 4 ᠰᠠᠷ᠎ᠠ ᠶᠢᠨ 18 ᠤ ᠡᠳᠤᠷ᠂ ᠠᠭᠠᠷ ᠴᠡᠯᠮᠡᠭ ᠨᠠᠷᠠ ᠳᠤᠯᠠᠶᠢᠬᠰᠠᠨ ᠣᠷᠢᠬᠠᠨ ᠲᠤᠯᠠᠭᠠᠨ ᠭᠠᠷᠠᠭ ᠤᠨ ᠡᠳᠤᠷ ᠪᠠᠶᠢᠯ᠎ᠠ᠃ ᠮᠣᠩᠭᠤᠯ ᠰᠤᠶᠤᠯ ᠳᠠᠭᠠᠨ ᠬᠠᠶᠢᠷᠠᠳᠠᠢ ᠲᠣᠷ᠎ᠠ ᠪᠠᠬ᠎ᠠ ᠨᠢᠭᠡᠳᠡᠢ ᠮᠠ ᠶᠥᠩ ᠹᠧᠩ᠂ ᠡᠷᠳᠡᠨᠢᠪᠠᠭᠠᠳᠤᠷ ᠪᠢᠳᠡ ᠭᠤᠷᠪᠠᠭᠤᠯᠠ ᠪᠤᠯᠵᠤᠭ᠎ᠠ ᠶᠤᠰᠤᠭᠠᠷ ᠢᠶᠠᠷ ᠢᠶᠠᠨ ᠰᠣᠨᠣᠰᠤᠭᠠᠳ ᠤᠳᠠᠬᠰᠠᠨ ᠮᠣᠩᠭᠤᠯ ᠬᠤᠭᠤᠷ ᠤᠨ ᠥᠯᠢᠭᠡᠷ ᠶᠠᠷᠢᠳᠠᠭ ᠠᠬᠠᠮᠠᠳ ᠨᠠᠰᠤᠲᠠᠨ ᠴᠢ ᠵᠧᠨ ᠮᠢᠩ ᠢ ᠰᠤᠷᠪᠤᠯᠵᠢᠯᠠᠬᠤ ᠪᠠᠷ ᠲᠡᠭᠦᠨ ᠤ ᠨᠤᠳᠤᠭ ᠪᠠᠷᠬᠠᠨ ᠪᠠᠯᠭᠠᠰᠣᠨ ᠤ ᠲᠤᠯᠤᠭᠠᠨ ᠭᠡᠷ ᠭᠠᠴᠠᠭ᠎ᠠ ᠶᠢ ᠵᠤᠷᠢᠯ᠎ᠠ᠃    ᠶᠢᠰᠤᠨ ᠴᠠᠭ ᠬᠠᠭᠠᠰ ᠤᠷᠴᠢᠮ ᠢᠶᠠᠷ ᠲᠤᠯᠤᠭᠠᠨ ᠭᠡᠷ ᠭᠠᠴᠠᠭᠠᠨ ᠤ ᠵᠦᠪᠯᠡᠯ ᠤᠨ ᠬᠠᠵᠠᠭᠤᠲᠡᠬᠢ ᠳᠡᠯᠭᠡᠭᠦᠷ ᠤᠨ ᠡᠵᠡᠨ ᠠᠴᠠ ᠴᠢ ᠵᠧᠨ ᠮᠢᠩ ᠨᠠᠰᠤᠲᠠᠨ ᠤ ᠭᠡᠷ ᠢ ᠰᠤᠷᠠᠭᠯᠠᠬᠤ ᠳᠤ ᠰᠠᠶᠢᠬᠠᠨ ᠰᠡᠳᠬᠢᠯᠲᠦ ᠳᠡᠯᠭᠡᠭᠦᠷ ᠤᠨ ᠡᠵᠡᠨ《 ᠴᠢ ᠨᠠᠰᠤᠲᠠᠨ ᠬᠤᠭᠤᠷ ᠤᠨ ᠦᠯᠢᠭᠡᠷ ᠢ ᠰᠠᠶᠢᠨ ᠬᠡᠯᠡᠳᠡᠭ ᠪᠣᠯᠬᠤᠷ ᠬᠤᠯᠠ ᠤᠶᠢᠷ᠎ᠠ  ᠢᠶᠠᠷ ᠢᠶᠠᠨ ᠪᠦᠷ ᠮᠡᠳᠡᠳᠡᠭ᠂ ᠪᠢ ᠲᠠᠨᠠᠷ ᠢ ᠳᠠᠭᠠᠠᠭᠤᠯᠵᠦ ᠤᠴᠢᠶ᠎ᠡ》ᠭᠡᠳ ᠪᠢᠲᠡᠨ ᠠᠮᠠᠨ ᠨᠡᠭᠡᠭᠡᠬᠦ ᠠᠴᠠ ᠡᠮᠤᠨ᠎ᠠ ᠵᠠᠮ ᠳᠠᠭᠠᠭᠤᠯᠪᠠ᠃
     ᠴᠢ ᠨᠠᠰᠤᠲᠠᠨ ᠮᠠᠨᠤᠰ ᠤᠨ ᠢᠷᠡᠭᠰᠡᠨ ᠵᠣᠷᠢᠯᠭ᠎ᠠ ᠶᠢ ᠰᠤᠨᠤᠰᠣᠨ ᠪᠠᠶᠠᠷᠯᠠᠵᠦ ᠦᠪᠡᠷ ᠤᠨ ᠪᠡᠶ᠎ᠡ ᠪᠤᠯᠤᠨ ᠲᠤᠬᠠᠢ ᠶᠢᠨ ᠦᠶ᠎ᠡ ᠶᠢᠨ ᠬᠤᠭᠤᠷ ᠤᠨ ᠦᠯᠢᠭᠡᠷ ᠤᠨ ᠲᠤᠬᠠᠢ ᠬᠠᠮᠢᠶ᠎ᠠ ᠪᠦᠬᠦᠢ ᠵᠤᠶᠢᠯ ᠢ ᠪᠢᠳᠡᠨ ᠳᠤ ᠨᠠᠷᠢᠯᠢᠭ ᠲᠠᠨᠢᠯᠴᠠᠭᠤᠯᠵᠦ ᠦᠭᠬᠦᠯ᠎ᠡ᠃ ᠴᠢ ᠵᠧᠨ ᠮᠢᠩ᠂ ᠮᠣᠩᠭᠤᠯ ᠦᠨᠳᠦᠰᠦᠲᠡᠨ᠂ ᠮᠣᠩᠭᠤᠯ ᠨᠡᠷ᠎ᠡ ᠨᠢ ᠪᠠᠲᠤᠪᠥ᠋ᠬᠡ ᠭᠡᠳᠡᠭ ᠃1942  ᠣᠨ ᠤ ᠪᠢᠯᠢᠭ ᠤᠨ ᠤᠯᠠᠷᠢᠯ ᠤᠨ 10 ᠰᠠᠷ᠎ᠠ ᠶᠢᠨ 10 ᠤ ᠡᠳᠤᠷ ᠲᠤᠰ ᠨᠤᠳᠤᠭ ᠲᠤ ᠮᠠᠨᠳᠤᠯᠠᠵᠠᠢ᠃ ᠡᠨᠡ ᠵᠢᠯ 79 ᠨᠠᠰᠤᠲᠠᠢ᠃ ᠴᠢ ᠨᠠᠰᠤᠲᠠᠨ ᠤ ᠳᠡᠭᠡᠲᠦ ᠦᠶ᠎ᠡ ᠶᠢᠨ ᠬᠢᠨ ᠰᠤᠩᠬᠢᠨ᠎ᠡ ᠶᠢᠨ ᠭᠤᠤ ᠶᠢᠨ ᠵᠠᠯᠠᠭ᠎ᠠ ᠳᠤ ᠨᠤᠲᠤᠭᠯᠠᠵᠤ ᠪᠠᠶᠢᠵᠠᠢ᠃ ᠡᠪᠦᠭᠡ ᠶᠢᠨ ᠦᠶ᠎ᠡ ᠳᠤ ᠤᠲᠤ ᠶᠢᠨ ᠪᠠᠷᠬᠠᠨ ᠪᠠᠯᠭᠠᠰᠤᠨ ᠶᠢᠨ ᠲᠤᠯᠤᠭᠠᠨ ᠭᠡᠷ ᠭᠠᠴᠠᠭᠠᠨ ᠳᠤ ᠨᠡᠭᠦᠨ ᠢᠷᠠᠵᠠᠢ᠃ ᠮᠢᠨᠦ ᠴᠡᠭᠡᠵᠢᠯᠡᠵᠦ ᠪᠠᠶᠢᠬᠤ ᠪᠠᠷ ᠠᠪᠤ ᠶᠢᠨ ᠠᠯᠳᠠᠷ ᠴᠢ ᠳ᠋ᠠ ᠵᠧᠦ᠂ ᠲᠡᠬᠦᠨ ᠠᠴᠠ ᠳᠡᠭᠡᠭᠰᠢ ᠪᠠᠨ ᠲᠡᠮᠡᠢ ᠮᠡᠳᠡᠬᠦ ᠦᠭᠡᠢ᠃ ᠤᠴᠢᠷ ᠨᠢ ᠮᠣᠩᠭᠤᠯᠴᠤᠳ ᠳᠡᠭᠡᠷ᠎ᠡ ᠦᠶ᠎ᠡ ᠶᠢᠨ ᠢᠶᠠᠨ ᠠᠯᠳᠠᠷ ᠨᠡᠷ᠎ᠡ ᠢ ᠴᠡᠭᠡᠷᠯᠡᠵᠦ ᠰᠢᠭᠤᠳ ᠨᠡᠷ᠎ᠡ ᠶᠢ ᠨᠢ ᠳᠠᠭᠤᠳᠠᠳᠠᠭ ᠦᠭᠡᠢ ᠪᠦᠭᠡᠳ ᠦᠯᠡᠳᠡᠭᠡᠵᠦ ᠥᠭᠭᠦᠭᠰᠡᠨ ᠭᠡᠷ ᠤᠨ ᠴᠠᠳᠢᠭ ᠢ ᠴᠤ ᠤᠯᠵᠦ ᠦᠵᠡᠭᠰᠡᠨ ᠦᠭᠡᠢ ᠲᠤᠯᠠ ᠡᠬᠦᠨ ᠤ ᠲᠤᠬᠠᠢ ᠲᠡᠮᠡᠢ ᠰᠠᠭᠤᠭᠳᠠᠯ ᠦᠭᠡᠢ᠃ ᠪᠠᠭ᠎ᠠ ᠳᠠᠭᠠᠨ ᠪᠠᠷᠬᠠᠨ ᠪᠦᠷᠢᠨ ᠰᠤᠷᠭᠠᠭᠤᠯᠢ ᠳᠤ ᠮᠣᠩᠭᠤᠯ ᠢᠶᠠᠷ ᠲᠡᠪᠤᠨ ᠵᠢᠯ ᠪᠢᠴᠢᠭ ᠦᠵᠡᠵᠡᠢ᠃ ᠡᠶᠢᠮᠦ ᠠᠴᠠ ᠦᠯᠢᠭᠡᠷ ᠤᠨ ᠲᠡᠪᠲᠡᠷ ᠢ ᠦᠪᠡᠷᠳᠡᠭᠡᠨ ᠣᠩᠰᠢᠵᠦ ᠴᠢᠲᠠᠬᠤ ᠪᠤᠯᠤᠬᠰᠠᠨ ᠪᠦᠭᠡᠳ ᠬᠤᠭᠤᠷᠴᠢᠳ ᠤᠨ ᠦᠯᠢᠭᠡᠷ ᠬᠤᠯᠪᠤᠭ᠎ᠠ ᠬᠡᠯᠡᠬᠦ ᠶᠢ ᠴᠡᠭᠡᠵᠢᠯᠡᠨ ᠰᠠᠭᠤᠬᠳᠠᠭᠤᠯᠵᠦ ᠴᠢᠲᠠᠬᠤ ᠪᠤᠯᠤᠬᠰᠠᠨ ᠪᠤᠶᠤ ᠲᠠᠭᠤᠷᠢᠶᠠᠨ ᠬᠡᠯᠡᠵᠦ ᠴᠢᠲᠠᠬᠤ ᠪᠤᠯᠵᠠᠢ᠃ ᠲᠡᠷᠡ ᠦᠶ᠎ᠡ ᠳᠤ ᠮᠣᠩᠭᠤᠯ ᠢᠶᠠᠷ ᠪᠢᠴᠢᠭᠰᠡᠨ ᠦᠯᠢᠭᠡᠷ ᠤᠨ ᠲᠡᠪᠲᠡᠷ ᠲᠤᠩ ᠴᠦᠭᠡᠨ᠂ ᠤᠯᠠᠨᠩᠬᠢ ᠨᠢ ᠭᠢᠲᠡᠳ ᠢᠶᠠᠷ ᠪᠢᠴᠢᠭᠰᠡᠨ ᠦᠯᠢᠭᠡᠷ ᠤᠨ ᠲᠡᠪᠲᠡᠷ ᠪᠤᠯᠤᠨ᠎ᠠ᠃ ᠮᠢᠨᠦ ᠠᠪᠤ ᠦᠯᠢᠭᠡᠷ ᠬᠡᠯᠡᠳᠡᠭ ᠦᠭᠡᠢ᠂ ᠭᠡᠪᠡᠴᠦ ᠲᠤᠬᠠᠢ ᠶᠢᠨ ᠦᠶ᠎ᠡ ᠳᠤ ᠮᠠᠨ ᠤ ᠠᠶᠢᠯ ᠳᠡᠭᠡᠷ᠎ᠡ ᠮᠣᠩᠭᠤᠯ ᠬᠤᠭᠤᠷᠴᠢᠳ ᠢ ᠵᠠᠯᠠᠵᠦ ᠬᠤᠭᠤᠷ ᠤᠨ ᠦᠯᠢᠭᠡᠷ ᠬᠡᠯᠡᠭᠦᠯᠳᠡᠭ ᠵᠠᠩᠰᠢᠯ  ᠲᠠᠢ᠃ ᠠᠶᠢᠯ ᠤᠨ ᠬᠤᠷᠢᠮ ᠬᠤᠷᠠᠯ᠂ ᠵᠢᠯ ᠴᠠᠭᠠᠨ ᠰᠠᠷ᠎ᠠ᠂ ᠨᠠᠰᠣᠨ ᠪᠠᠶᠠᠷ ᠬᠡᠭᠦ ᠮᠡᠲᠦ ᠪᠠᠷ ᠭᠠᠳᠠᠨ᠎ᠠ ᠠᠴᠠ ᠬᠤᠭᠤᠷᠴᠢ ᠵᠠᠯᠠᠵᠦ ᠦᠯᠢᠭᠡᠷ ᠭᠡᠯᠡᠭᠦᠯᠬᠦ ᠪᠦᠷᠢ ᠪᠢ ᠠᠯᠳᠠᠯ ᠦᠭᠡᠢ ᠠᠶᠢᠯ ᠭᠡᠰᠦᠨ ᠳᠠᠭᠠᠯᠴᠠᠨ ᠰᠤᠨᠤᠰᠳᠠᠭ ᠠᠴᠠ ᠲᠡᠳᠠᠨᠤᠰ ᠤᠨ ᠦᠯᠢᠭᠡᠷ ᠬᠡᠯᠡᠬᠦ ᠬᠡᠪ ᠨᠠᠮᠪᠠ ᠶᠢ ᠰᠤᠷᠴᠦ ᠪᠠᠭ᠎ᠠ ᠪᠤᠰᠦ ᠦᠯᠢᠭᠡᠷ ᠢ ᠴᠤ ᠴᠡᠭᠡᠵᠢᠯᠡᠵᠦ ᠠᠪᠴᠠᠢ᠃ ᠬᠤᠷᠢ ᠤᠷᠴᠢᠮ ᠨᠠᠰᠤᠨ ᠠᠴᠠ ᠡᠬᠢᠯᠡᠵᠦ ᠬᠤᠭᠤᠷ ᠬᠤᠭᠤᠷᠳᠠᠬᠤ ᠶᠢ ᠰᠤᠷᠴᠦ ᠪᠠᠭ᠎ᠠ ᠰᠠᠭ᠎ᠠ ᠴᠤ ᠭᠡᠰᠡᠨ ᠦᠯᠢᠭᠡᠷ ᠬᠡᠯᠡᠵᠦ ᠡᠬᠢᠯᠡᠵᠠᠢ᠃   ᠲᠤᠬᠠᠢ ᠶᠢᠨ ᠦᠶ᠎ᠡ ᠳᠤ ᠮᠠᠨ ᠤ ᠠᠶᠢᠯ ᠬᠤᠲᠠ ᠪᠠᠷ ᠬᠤᠭᠤᠷ ᠤᠨ ᠦᠯᠢᠭᠡᠷ ᠬᠡᠯᠡᠳᠡᠭ ᠦᠯᠢᠭᠡᠷᠴᠢᠳ ᠤᠨ ᠲᠤᠳᠤᠷ᠎ᠠ ᠣᠳᠣ ᠪᠣᠯᠲᠠᠯ᠎ᠠ ᠴᠡᠭᠡᠵᠢᠯᠡᠵᠦ ᠪᠠᠶᠢᠬᠤ ᠨᠢ ᠭᠤᠷᠪᠠᠨ ᠰᠣᠮᠣᠨ ᠤ ᠵᠦ ᠽᠢ ᠴᠢᠩ ᠬᠤᠭᠤᠷᠴᠢ᠂ ᠮᠠᠩᠨᠣᠳ ᠤᠨ ᠵᠠᠩ ᠶᠥᠩ ᠨᠢᠶᠠᠨ ᠬᠤᠭᠤᠷᠴᠢ᠂ ᠵᠦ ᠽᠢ ᠴᠢᠩ ᠤᠨ ᠱᠠᠪᠢ ᠰᠣᠩᠬᠢᠨ᠎ᠡ ᠰᠤᠮᠤ ᠶᠢᠨ ᠲᠡᠪᠡᠭᠡ ᠠᠶᠢᠯ ︵ ᠣᠳᠣ ᠶᠢᠨ ᠭᠡᠷᠡᠯᠲᠦ ᠭᠠᠴᠠᠭ᠎ᠠ ᠶᠢᠨ ᠭᠤᠷᠪᠠᠳᠤᠭᠠᠷ ᠲᠤᠭᠤᠶᠢᠯᠠᠩ︶ ᠤᠨ ᠶᠤᠯᠤ ᠰᠢᠪᠠᠭᠤ ᠬᠤᠭᠤᠷᠴᠢ᠂ ᠵᠠᠩ ᠶᠥᠩ ᠨᠢᠶᠠᠨ ᠬᠤᠭᠤᠷᠴᠢ ᠶᠢᠨ ᠱᠠᠪᠢ ᠬᠤᠸᠠᠩ ᠢᠦᠢ ᠯᠢᠨ᠂ ᠬᠤᠸᠠᠩ ᠹᠧᠩ ᠰᠢᠶᠠᠩ ᠨᠠᠷ ᠪᠤᠯᠤᠨ᠎ᠠ᠃ ᠡᠳᠡᠨᠤᠰ ᠤᠨ ᠲᠤᠳᠤᠷ᠎ᠠ ᠨᠠᠳᠠᠳᠦ ᠨᠥᠯᠥᠭᠡ ᠶᠡᠭᠡ ᠲᠠᠢ ᠨᠢ ᠲᠤᠬᠠᠢ ᠶᠢᠨ ᠦᠶ᠎ᠡ ᠬᠤᠯᠠ ᠤᠶᠢᠷ᠎ᠠ ᠨᠡᠷ᠎ᠡ ᠮᠡᠨᠳᠤᠬᠰᠠᠨ ᠵᠦ ᠽᠢ ᠴᠢᠩ ᠪᠤᠯᠤᠨ ᠵᠠᠩ ᠶᠥᠩ ᠨᠢᠶᠠᠨ ᠬᠤᠶᠠᠷ ᠬᠤᠭᠤᠷᠴᠢ ᠪᠤᠯᠤᠨ᠎ᠠ᠃ ᠵᠦ ᠽᠢ ᠴᠢᠩ ᠬᠤᠭᠤᠷᠴᠢ ᠦᠯᠢᠭᠡᠷ ᠬᠤᠯᠪᠤᠭ᠎ᠠ ᠬᠡᠯᠡᠭᠡᠳ ᠠᠯᠳᠠᠷ ᠮᠠᠨᠳᠤᠬᠰᠠᠨ ᠠᠴᠠ ᠬᠤᠷᠢᠶᠠᠨ ᠤ ᠵᠠᠰᠠᠭ ᠸᠠᠩ ᠴᠤ ᠲᠡᠭᠦᠨ ᠢ ᠵᠠᠯᠠᠵᠦ ᠦᠯᠢᠭᠡᠷ ᠬᠡᠯᠡᠭᠦᠯᠬᠦ ᠪᠣᠯᠵᠠᠢ᠃ ᠠᠷᠠᠳ ᠤᠨ ᠲᠤᠮᠲᠠ ᠡᠶᠢᠮᠦ ᠨᠢᠭᠡᠨ ᠤᠯᠠᠮᠵᠢᠯᠠᠯ ᠶᠡᠷᠢᠶ᠎ᠠ ᠳᠡᠯᠭᠡᠷᠡᠵᠦ ᠪᠠᠶᠢᠵᠠᠢ᠃ ᠬᠤᠰᠢᠭᠤᠨ ᠵᠠᠰᠠᠭ ᠸᠠᠩ ᠰᠠᠶ᠋ᠢ ᠡᠬᠢᠯᠡᠭᠡᠳ ᠵᠦ ᠽᠢ ᠴᠢᠩ ᠤᠨ ᠦᠯᠢᠭᠡᠷ ᠢ ᠬᠢᠷᠢ ᠵᠡᠷᠭᠡ ᠬᠡᠯᠡᠬᠦ ᠶᠢ ᠮᠡᠳᠡᠬᠦ ᠦᠬᠡᠢ ᠲᠤᠯᠠ ᠲᠡᠭᠦᠨ  ᠲᠠᠢ ᠠᠮᠠᠨ ᠬᠡᠯᠡᠯᠴᠡᠭᠡᠷ ᠲᠤᠬᠳᠠᠵᠦ᠂ ᠴᠢ ᠦᠯᠢᠭᠡᠷ ᠢᠶᠠᠨ ᠰᠠᠶᠢᠬᠠᠨ ᠭᠡᠯᠡᠬᠦ ᠦᠭᠡᠢ ᠪᠣᠯ ᠴᠢᠮᠠᠶᠢ ᠸᠠᠩ ᠤᠨ ᠤᠷᠳᠤᠨ ᠤ ᠡᠭᠦᠳᠡᠨ ᠬᠠᠳᠠᠪᠴᠢᠨ ᠤ ᠭᠠᠳᠠᠨ᠎ᠠ ᠭᠤᠷᠪᠠᠨ ᠵᠢᠯ ᠬᠡᠯᠡᠭᠦᠯᠦᠭᠡᠳ ᠬᠡᠵᠢᠶ᠎ᠡ ᠡᠳᠤᠷ ᠴᠢᠨᠦ ᠦᠯᠢᠭᠡᠷ ᠢ ᠪᠠᠭ᠋ᠠᠷᠠᠵᠤ ᠲᠤᠭᠤᠪᠠᠯ ᠰᠠᠶ᠋ᠢ ᠭᠡᠷ ᠲᠤ ᠤᠷᠤᠭᠤᠯᠵᠦ ᠭᠡᠯᠡᠭᠦᠯᠦᠨ᠎ᠡ ᠭᠡᠵᠠᠢ᠃ ᠭᠡᠪᠡᠴᠦ ᠵᠦ ᠽᠢ ᠴᠢᠩ ᠬᠤᠭᠤᠷᠴᠢ ᠲᠡᠷᠢᠬᠢ ᠰᠡᠷᠭᠦᠯᠡᠩ ᠴᠡᠭᠡᠵᠢ ᠰᠠᠶᠢᠲᠠᠢ᠂ ᠨᠢᠭᠡ ᠤᠳᠠᠭ᠎ᠠ ᠲᠣᠭᠤᠯᠣᠬᠰᠠᠨ ᠵᠤᠶᠢᠯ ᠢ ᠲᠠᠬᠢᠭᠠᠳ ᠬᠡᠯᠡᠪᠡᠯ ᠨᠡᠷ᠎ᠡ ᠣᠪᠣᠭ ᠂ ᠦᠰᠦᠭ ᠦᠭᠦᠯᠡᠪᠦᠷᠢ ᠶᠢ ᠵᠥᠷᠢᠭᠦᠯᠳᠡᠭ ᠦᠭᠡᠢ ᠰᠠᠶᠢᠨ ᠴᠡᠭᠡᠵᠢ ᠲᠠᠢ᠃ ᠬᠡᠯᠡ ᠬᠡᠯᠡᠯᠡᠭᠡ ᠤᠷᠤᠰᠤᠮ᠎ᠠ᠂ ᠬᠤᠯᠪᠤᠵᠦ ᠬᠡᠯᠡᠬᠦ ᠳᠡᠭᠡᠨ ᠰᠠᠶᠢᠨ᠂ ᠲᠠᠭᠤᠨ ᠥᠩᠭᠡ ᠦᠨᠳᠦᠷ ᠮᠦᠷᠲᠡᠭᠡᠨ ᠬᠦᠩᠭᠢᠨᠡᠮ᠎ᠡ ᠲᠣᠳᠣᠷ ᠲᠠᠮᠢᠷ ᠲᠠᠢ᠂ ᠤᠯᠠᠮ ᠬᠡᠯᠡᠪᠡᠯ ᠤᠯᠠᠮ ᠷᠢᠳᠢ ᠰᠢᠳᠢ ᠲᠠᠢ ᠪᠣᠯᠵᠦ ᠬᠤᠭᠤᠷ ᠭᠦᠭᠵᠢᠮ ᠨᠢ ᠠᠮᠢᠯᠠᠵᠦ ᠪᠠᠶᠢᠭ᠎ᠠ ᠰᠢᠭ᠋ ᠲᠦᠷᠦᠭᠳᠡᠯ ᠥᠭᠳᠡᠭ ᠠᠴᠠ《 ᠰᠠᠬᠢᠭᠤᠯᠰᠤᠨ ᠡᠷᠭᠦᠮᠵᠢᠯᠡᠭᠰᠡᠨ ᠦᠯᠢᠭᠡᠷ》 ᠢ ᠬᠡᠯᠡᠭᠡᠳ ᠰᠦᠨᠢ ᠲᠦᠯᠢ ᠪᠣᠯᠬᠤ ᠦᠶ᠎ᠡ ᠳᠤ ᠸᠠᠩ ᠨᠤᠶᠠᠨ ᠵᠠᠬᠢᠶ᠎ᠡ ᠪᠠᠭᠤᠯᠭᠠᠵᠦ ᠳᠤᠳᠤᠷ ᠭᠡᠷ ᠲᠤ ᠪᠠᠨ ᠳᠠᠭᠤᠳᠠᠨ ᠤᠷᠤᠭᠤᠯᠵᠦ᠂ ᠵᠥᠭᠡᠯᠡᠨ ᠤᠯᠪᠤᠭ ᠳᠡᠪᠢᠰᠦᠨ ᠰᠠᠭᠤᠯᠭᠠᠵᠦ ᠵᠠᠯᠭᠠᠭᠠᠳ ᠬᠡᠯᠡᠭᠦᠯᠵᠦ ᠭᠡᠳᠡᠭ᠃    ᠵᠦ ᠽᠢ ᠴᠢᠩ ᠪᠠᠭᠰᠢ ᠶᠢᠨ ᠪᠠᠰᠠ ᠨᠢᠭᠡ ᠱᠠᠪᠢ ᠨᠢ ᠪᠠᠶᠠᠨᠰᠠᠩ ᠬᠤᠭᠤᠷᠴᠢ᠂ ᠭᠤᠷᠪᠠᠨ ᠰᠣᠮᠣᠨ ᠤ ᠬᠦᠮᠦᠨ᠂ ᠶᠡᠷᠦ ᠶᠢᠨ ᠦᠶ᠎ᠡ ᠳᠡᠭᠡᠨ ᠪᠠᠭ᠎ᠠ ᠬᠡᠯᠡᠭᠡᠢ ᠲᠠᠢ ᠪᠤᠯᠪᠠᠴᠦ ᠬᠤᠭᠤᠷ ᠢᠶᠠᠨ ᠲᠠᠲᠠᠭᠠᠳ ᠦᠯᠢᠭᠡᠷ ᠢᠶᠠᠨ ᠬᠡᠯᠡᠭᠡᠳ ᠡᠬᠢᠯᠡᠪᠡᠯ ᠬᠡᠯᠡᠬᠡᠢ ᠨᠢ ᠤᠬᠳᠤᠬᠠᠨ ᠴᠤ ᠮᠡᠳᠡᠭᠳᠡᠬᠦ ᠦᠭᠡᠢ ᠪᠣᠯᠳᠠᠭ᠃ ᠲᠡᠭᠦᠨ ᠤ ᠪᠠᠰᠠ ᠨᠢᠭᠡ ᠱᠠᠪᠢ ᠨᠢ ᠪᠦᠬᠡ ᠬᠤᠭᠤᠷᠴᠢ᠂ ᠣᠳᠣ ᠶᠢᠨ ᠲᠡᠭᠡᠷ᠎ᠡ ᠬᠤᠷᠤᠭ᠎ᠠ ᠪᠠᠯᠭᠠᠰᠣᠨ ᠤ ᠬᠦᠮᠦᠨ᠃ ᠵᠦ ᠽᠢ ᠴᠢᠩ ᠪᠠᠭᠰᠢ ᠶᠢᠨ ᠱᠠᠪᠢ ᠶᠤᠯᠤ ᠰᠢᠪᠠᠭᠤ᠂ ᠪᠠᠶᠠᠨᠰᠠᠩ᠂ ᠪᠦᠬᠡ ᠪᠢᠳᠡᠨ ᠦᠩᠭᠡᠷᠡᠭᠰᠡᠨ ᠵᠢᠯ ᠲᠢᠶᠠᠨ ᠢ ᠳᠤ ᠪᠤᠯᠤᠬᠰᠠᠨ ᠬᠤᠭᠤᠷᠴᠢᠳ ᠤᠨ ᠪᠤᠯᠪᠠᠰᠤᠷᠠᠯ ᠤᠨ ᠠᠩᠭᠢ ᠳᠤ ᠬᠠᠮᠲᠦ ᠳᠤ ᠪᠠᠨ ᠤᠷᠤᠯᠴᠠᠵᠦ ᠦᠩᠭᠡᠷᠡᠵᠡᠢ᠃ ᠡᠬᠦᠨ ᠤ ᠳᠠᠭᠠᠤ ᠳᠤ ᠠᠶᠢᠯ ᠭᠠᠴᠠᠭᠠᠨ ᠤ ᠰᠤᠶᠤᠯ ᠤᠷᠠᠯᠢᠭ ᠤᠨ ᠨᠠᠶᠢᠷ᠂ ᠮᠠᠷᠠᠲᠦ ᠶᠢᠨ ᠨᠠᠭᠠᠳᠣᠮ ᠤᠨ ᠬᠤᠷᠠᠯ ᠳᠡᠭᠡᠷ᠎ᠡ ᠤᠯᠠᠨ ᠤᠳᠠᠭ᠎ᠠ ᠤᠷᠢᠭᠳᠠᠨ ᠦᠯᠢᠭᠡᠷ ᠬᠡᠯᠡᠵᠦ ᠦᠩᠭᠡᠷᠡᠵᠠᠢ᠃     ᠴᠢ ᠬᠤᠭᠤᠷᠴᠢ ᠦᠪᠡᠷ ᠪᠠᠨ ᠭᠢᠳᠡᠳ ᠦᠯᠢᠭᠡᠷ ᠤᠨ ᠲᠡᠪᠲᠡᠷ ᠢ ᠨᠢ ᠬᠡᠳᠤᠭᠡᠨ ᠤᠳᠠᠭ᠎ᠠ ᠣᠩᠰᠢᠬᠰᠠᠨ ᠤ ᠳᠡᠷᠠᠭ᠎ᠠ ᠵᠦ ᠽᠢ ᠴᠢᠩ᠂ ᠵᠠᠩ ᠶᠥᠩ ᠨᠢᠶᠠᠨ ︵ᠬᠤᠴᠢ ᠨᠡᠷ᠎ᠡ ᠨᠢ ᠯᠥᠸᠧ ᠴᠧᠩ ᠬᠤᠭᠤᠷᠴᠢ︶ ᠬᠤᠭᠤᠷᠴᠢ ᠶᠢᠨ ᠬᠡᠯᠡᠭᠡᠳ ᠲᠡᠷᠢᠬᠢᠨ ᠳᠤ ᠰᠠᠭᠤᠬᠳᠠᠬᠰᠠᠨ ᠴᠡᠭᠡᠵᠢᠯᠡᠭᠰᠡᠨ ᠵᠤᠶᠢᠯ ᠲᠠᠢ ᠪᠠᠨ ᠤᠶᠠᠯᠳᠤᠭᠤᠯᠤᠨ ᠲᠡᠳᠡᠨ ᠤ ᠬᠡᠪ ᠨᠠᠮᠪᠠ ᠶᠢ ᠲᠠᠭᠤᠷᠢᠶᠠᠨ ᠬᠡᠯᠡᠭᠰᠡᠭᠡᠷ ᠢᠳᠡᠭ ᠢᠳᠡᠭ ᠢᠶᠠᠷ ᠵᠠᠮ ᠳᠠᠭᠠᠨ ᠤᠷᠤᠵᠠᠢ᠃ ᠭᠡᠷ ᠨᠤᠳᠤᠭ᠂ ᠠᠶᠢᠯ ᠠᠶᠢᠮᠠᠭ ᠲᠠᠭᠠᠨ ᠦᠯᠢᠭᠡᠷ ᠭᠡᠯᠡᠬᠦ ᠠᠴᠠ ᠭᠠᠳᠠᠨ᠎ᠠ᠂ ᠫᠢᠩᠴᠢᠤᠸᠠᠨ ᠰᠢᠶᠠᠨ ᠤ ︵ ᠣᠳᠣ ᠶᠢᠨ ᠾᠧᠪᠸᠢ ᠮᠤᠵᠢ ᠶᠢᠨ ᠫᠢᠩᠴᠢᠤᠸᠠᠨ ᠬᠤᠲᠠ︶ ᠮᠥᠩᠭᠦᠨ ᠤᠰᠦ ︵蒙和乌苏︶᠂ ᠨᠤᠭᠤᠨᠳᠠᠭᠠᠨ᠎ᠠ ︵龙潭沟︶᠂ ᠪᠠᠶᠢᠴᠠ  ︵白出沟︶᠂ ᠮᠤᠷᠤᠢ ︵毛兰沟︶ ᠵᠡᠷᠭᠡ ᠭᠠᠵᠠᠷ ᠢᠶᠠᠷ ᠵᠠᠯᠠᠭᠳᠠᠵᠤ ᠦᠯᠢᠭᠡᠷ ᠬᠡᠯᠡᠳᠡᠭ ᠪᠠᠶᠢᠵᠠᠢ᠃ ᠡᠭᠦᠨ ᠠᠴᠠ ᠭᠠᠳᠠᠨ᠎ᠠ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ ᠶᠢᠨ ᠰᠡᠷᠢᠬᠡᠨ ᠬᠦᠩᠱᠧ᠂ ᠵᠢᠷᠢᠮ ᠠᠶᠢᠮᠠᠭ ᠤᠨ ᠬᠤᠷᠴᠢᠨ ᠭᠠᠷᠤᠨ ᠲᠤᠮᠳᠠᠳᠦ ᠬᠤᠰᠢᠭᠤᠨ ᠤ ᠱᠧᠪᠡᠷᠲᠦ ᠭᠦᠩᠱᠧ ᠳᠤ ᠲᠥᠷᠥᠯ ᠰᠠᠳᠣᠨ ᠢᠶᠠᠨ ᠡᠷᠬᠢᠨ ᠦᠵᠡᠬᠦ ᠳᠡᠭᠡᠨ ᠬᠤᠭᠤᠷ ᠤᠨ ᠦᠯᠢᠭᠡᠷ ᠶᠡᠷᠢᠵᠦ ᠲᠦᠷᠦᠯ ᠰᠠᠳᠤᠨ ᠪᠠ ᠠᠶᠢᠯ ᠰᠠᠭᠠᠬᠠᠯᠲᠠ ᠶᠢᠨ ᠬᠢᠨ ᠢᠶᠠᠨ ᠪᠠᠶᠠᠰᠬᠠᠵᠤ ᠶᠠᠪᠤᠵᠦ ᠪᠠᠶᠢᠵᠠᠢ᠃     ᠴᠢ ᠨᠠᠰᠤᠲᠠᠨ ᠤ ᠦᠷᠭᠦᠯᠵᠢ ᠬᠡᠯᠡᠳᠡᠭ ᠬᠤᠭᠤᠷ ᠤᠨ ᠦᠯᠢᠭᠡᠷ ᠠᠴᠠ ᠬᠡᠳᠦ ᠶᠢ ᠶᠡᠷᠢᠪᠠᠯ《 ᠰᠠᠬᠢᠭᠤᠯᠰᠤᠨ ᠡᠷᠭᠦᠮᠵᠢᠯᠡᠭᠰᠡᠨ ᠦᠯᠢᠭᠡᠷ 》《 ᠰᠢᠤᠸᠠᠢ ᠭᠠᠩ ᠹᠠᠨ ᠲᠠᠩ 》《 ᠰᠠᠨ ᠰᠢᠶᠠ ᠦ᠋ ᠢ》《 ᠴᠢ ᠰᠢᠶᠠ ᠦ᠋ ᠢ》《  ᠰᠠᠨ ᠰᠢᠶᠠ ᠵᠢᠶᠠᠨ》《 ᠲᠥᠩ  ᠯᠢᠨ ᠵᠤᠸᠠᠨ》《 ᠭᠤᠷᠪᠠᠨ ᠣᠯᠣᠰ ᠤᠨ ᠥᠯᠢᠭᠡᠷ》《 ᠱᠦᠢ ᠬᠡᠦ ᠶᠢᠨ ᠦᠯᠢᠭᠡᠷ》《 ᠪᠠᠷᠠᠭᠤᠨᠰᠢ ᠵᠤᠷᠴᠢᠬᠰᠠᠨ ᠲᠡᠮᠳᠡᠭᠯᠡᠯ 》 ᠭᠡᠬᠦ ᠮᠡᠲᠦ᠃《 ᠬᠦᠬᠡ ᠰᠤᠳᠤᠷ》 ᠢ ᠪᠠᠰᠠ ᠮᠡᠳᠡᠨ᠎ᠡ ᠭᠡᠳᠡᠭ ᠪᠣᠯᠪᠠᠴᠦ ᠦᠯᠢᠭᠡᠷ ᠤᠨ ᠲᠤᠳᠤᠷᠠᠬᠢ ᠵᠠᠩᠵᠤᠨ ᠪᠠᠭᠠᠳᠤᠷ ᠤᠨ ᠨᠡᠷ᠎ᠡ᠂ ᠭᠠᠵᠠᠷ ᠤᠨ ᠨᠡᠷ᠎ᠡ ᠵᠡᠷᠭᠡ ᠶᠢ ᠬᠡᠯᠡᠬᠦ ᠳᠤ ᠬᠤᠭᠤᠷᠴᠢ ᠬᠦᠴᠢᠷᠲᠡᠨ᠎ᠡ᠂ ᠰᠤᠨᠤᠰᠤᠬᠴᠢᠳ ᠴᠤ ᠰᠤᠨᠤᠰᠴᠦ ᠤᠶᠢᠯᠭᠠᠬᠤ ᠦᠭᠡᠢ ᠬᠦᠴᠢᠷᠲᠡᠨ᠎ᠡ᠂ ᠳᠡᠭᠡᠬᠦ ᠪᠠᠷ ᠢᠶᠠᠨ ᠲᠡᠮᠡᠢ ᠠᠷᠪᠢᠨ ᠬᠡᠯᠡᠳᠡᠭ ᠦᠭᠡᠢ᠃ᠨᠢᠩᠴᠧᠩ ᠤᠨ ᠮᠣᠩᠭᠤᠯ ᠬᠤᠭᠤᠷ ᠤᠨ ᠦᠯᠢᠭᠡᠷ ᠤᠨ ᠤᠨᠴᠠᠯᠢᠭ ᠭᠡᠪᠡᠯ᠄1.ᠭᠢᠳᠡᠳ ᠦᠯᠢᠭᠡᠷ ᠤᠨ ᠲᠡᠪᠲᠡᠷ ᠢ ᠦᠵᠡᠭᠡᠳ ᠦᠪᠡᠷ ᠢᠶᠠᠨ ︵ ᠬᠤᠭᠤᠷᠴᠢ︶ ᠮᠤᠩᠭᠤᠯ ᠢᠶᠠᠷ ᠢᠶᠠᠨ ᠵᠤᠬᠢᠶᠡᠨ ᠬᠡᠯᠡᠵᠦ᠂ ᠭᠢᠳᠡᠳ ᠮᠣᠩᠭᠤᠯ ᠢᠶᠠᠷ ᠬᠤᠯᠢᠯᠳᠤᠭᠤᠯᠤᠨ ᠬᠡᠯᠡᠵᠦ᠂ ᠠᠯᠢ ᠨᠢ ᠠᠮᠠᠷᠬᠠᠨ ᠪᠣᠯ ᠲᠡᠭᠦᠨ ᠢᠶᠠᠷ ᠨᠢ ᠬᠡᠯᠡᠴᠢᠭᠡᠨ᠎ᠡ᠂ ᠬᠤᠯᠢᠵᠦ ᠬᠡᠯᠡᠬᠦ ᠦᠭᠡᠢ ᠪᠣᠯ ᠰᠤᠨᠤᠰᠤᠬᠴᠢᠳ ᠲᠥᠬᠦᠭᠡᠷᠡᠬᠦ ᠦᠭᠡᠢ᠂ ᠦᠵᠡᠭᠴᠢ ᠰᠤᠨᠤᠰᠤᠬᠴᠢ ᠦᠬᠡᠢ ᠪᠤᠯᠤᠨ᠎ᠠ᠃2.ᠥᠯᠢᠭᠡᠷ ᠤᠨ ᠠᠶᠠᠰ ᠢ ᠬᠤᠭᠤᠯᠠᠢ ᠪᠠᠷ ᠢᠶᠠᠨ ᠠᠶᠠᠯᠠᠵᠦ ᠭᠠᠷᠭᠠᠬᠤ ᠤᠨᠴᠠᠯᠢᠭ ᠲᠠᠢ᠂ ᠬᠤᠭᠤᠷ ᠢᠶᠠᠷ ᠬᠤᠭᠤᠷᠳᠠᠵᠦ ᠠᠶ᠎ᠠ ᠤᠷᠲᠤᠳᠬᠠᠬᠤ ᠭᠦᠭ ᠠᠶᠢᠵᠠᠮ ᠲᠠᠭᠠᠷᠠᠭᠤᠯᠤᠨ ᠬᠤᠭᠤᠯᠠᠢ ᠶᠢ ᠤᠷᠤᠯᠠᠵᠦ ᠴᠢᠳᠠᠬᠤ ᠦᠭᠡᠢ ᠤᠴᠢᠷ ᠠᠴᠠ ᠬᠤᠭᠤᠯᠠᠢ ᠳᠤ ᠬᠠᠯᠠᠳᠠᠢ᠃3.ᠦᠯᠢᠭᠡᠷ ᠬᠡᠯᠡᠬᠦ ᠶᠠᠪᠤᠴᠠ ᠳᠤ ᠲᠡᠶᠢᠮᠦ ᠠᠷᠪᠢᠨ ᠮᠠᠬᠳᠠᠭᠠᠯ ᠰᠢᠯᠦᠭᠯᠡᠯ ᠲᠦᠷᠰᠦᠯᠡᠯ ᠬᠤᠯᠪᠤᠯᠲᠠ ᠦᠭᠡᠢ ᠶᠢᠨ ᠤᠴᠢᠷ ᠠᠴᠠ ᠦᠯᠢᠭᠡᠷ ᠤᠨ ᠤᠴᠢᠷ ᠲᠦᠷᠭᠡᠨ ᠶᠠᠪᠤᠬᠳᠠᠵᠦ᠂ ᠦᠯᠢᠭᠡᠷ ᠨᠢ ᠭᠠᠪᠢᠭᠤᠷᠢᠳᠠᠢ ︵ ᠶᠠᠪᠤᠭᠤᠷᠢᠲᠠᠢ︶᠃   ᠬᠤᠭᠤᠷ ᠤᠨ ᠦᠯᠢᠭᠡᠷ ᠠᠴᠠ ᠭᠠᠳᠠᠨ᠎ᠠ ᠴᠢ ᠵᠧᠨ ᠮᠢᠩ ᠨᠠᠰᠤᠲᠠᠨ ᠪᠠᠰᠠ ᠮᠣᠩᠭᠤᠯ ᠬᠤᠷᠢᠮ ᠤᠨ ᠵᠠᠩ ᠦᠢᠯᠡ ᠶᠢ ᠴᠤ ᠨᠡᠯᠢᠶᠡᠳ ᠮᠡᠳᠡᠳᠡᠭ᠃ ᠡᠭᠦᠨ ᠳᠤ ᠲᠡᠭᠦᠨ ᠤ ᠶᠠᠷᠢᠬᠰᠠᠨ ᠮᠣᠩᠭᠤᠯ ᠬᠤᠷᠢᠮ ᠤᠨ ᠲᠠᠮᠠᠭᠠᠨ ᠬᠤᠲᠠ ᠶᠢᠨ ᠲᠠᠭᠤᠤ ᠠᠴᠠ ᠰᠡᠶᠢᠷᠡᠭᠦᠯᠪᠡᠯ᠄ ᠲᠦᠷᠪᠡᠨ ᠨᠠᠭᠤᠷ1.ᠪᠠᠷᠠᠭᠤᠨᠲᠠᠢ ᠨᠠᠭᠤᠷ ᠤᠨ ᠵᠢᠭᠠᠰᠦ ᠨᠢ ᠬᠦᠢᠪᠠᠭ᠋ᠠᠲᠦ ᠰᠡᠭᠦᠯᠲᠦ ᠵᠢᠭᠠᠰᠦ ᠶᠣᠮ ᠡ ᠬᠦᠢᠪᠠᠷᠠᠭᠤᠨᠳᠠᠢ ᠨᠠᠭᠤᠷ ᠢᠶᠠᠨ ᠦᠵᠡᠪᠡᠯᠪᠠᠭ᠋ᠠᠲᠦ ᠰᠡᠬᠦᠯ ᠢᠶᠠᠨ ᠰᠢᠷᠪᠢᠨ᠎ᠡ ᠬᠦᠢ2. ᠬᠤᠶᠢᠳᠠᠢ ᠨᠠᠭᠤᠷ ᠤᠨ ᠵᠢᠭᠠᠰᠦ ᠡ ᠬᠦᠢᠬᠤᠪᠢᠲᠦ ᠰᠡᠭᠦᠯᠲᠦ ᠵᠢᠭᠠᠰᠦ ᠶᠤᠮ ᠡ ᠬᠦᠢᠬᠤᠶᠢᠳᠠᠢ ᠨᠠᠭᠤᠷ ᠢᠶᠠᠨ ᠦᠵᠡᠪᠡᠯᠬᠤᠪᠢᠲᠦ ᠰᠡᠭᠦᠯ ᠢᠶᠠᠨ ᠰᠢᠷᠪᠢᠨ᠎ᠡ ᠬᠦᠢ᠃ᠮᠣᠩᠭᠤᠯ ᠬᠤᠷᠢᠮ ᠤᠨ ᠨᠡᠷ᠎ᠡ ᠭᠤᠶᠤᠬᠤ ᠲᠠᠭᠤᠤ᠄1.ᠪᠠᠷᠠᠭᠤᠨᠲᠠᠢ ᠪᠠᠷᠠᠭᠤᠨᠳᠠᠢ ᠠᠭᠤᠯᠠᠨ ᠳᠤ ᠭᠦᠢᠪᠠᠯᠠᠷ ᠮᠤᠳᠤᠨ ᠤ ᠰᠡᠭᠦᠳᠡᠷ ᠲᠠᠢᠲᠠᠯᠠᠨ ᠲᠤᠯᠤᠭᠠᠨ ᠰᠤᠶᠤᠭ᠎ᠠ ᠲᠠᠢᠨᠠᠶᠠᠨ ᠨᠠᠢᠮᠠᠨ ᠬᠡᠰᠬᠢᠭᠦᠷ ᠲᠠᠢ ᠬᠦᠢ2.ᠬᠦᠢᠲᠡᠨ ᠭᠠᠵᠠᠷ ᠨᠢ ᠰᠦᠬᠦᠳᠡᠭᠰᠡᠭᠡᠷ ᠬᠦᠢ ᠬᠥᠯ ᠴᠤ ᠮᠠᠭᠤᠬᠠᠢ ᠱᠠᠷᠬᠢᠷᠠᠵᠦ ᠪᠠᠶᠢᠨ᠎ᠠ ᠬᠦᠢ ᠬᠡᠣᠬᠡᠨ‌ᠦᠷ᠎ᠡ ᠪᠠᠨ ᠪᠤᠳᠤᠪᠠᠯ ᠳ᠋ᠠ ᠬᠦᠢᠨᠡᠷ᠎ᠡ ᠵᠢᠯ ᠢᠶᠠᠨ ᠬᠠᠶᠢᠷᠠᠯᠠᠴᠢᠬ᠎ᠠ ᠳ᠋ᠠ ᠬᠦᠢ3.ᠬᠦᠷᠦᠭᠡᠰᠦ ᠵᠢᠯ ᠲᠠᠢᠬᠦᠢᠯᠡᠰᠦ ᠨᠡᠷ᠎ᠡ ᠲᠠᠢᠵᠢᠯ ᠠᠴᠠ ᠭᠠᠳᠠᠨ᠎ᠠ ᠵᠢᠯ ᠶᠤᠮᠨᠡᠷ᠎ᠡ ᠠᠴᠠ ᠤᠨᠳᠣᠣ ᠨᠡᠷ᠎ᠡ ᠶᠣᠮ4.ᠬᠤᠶᠢᠳᠠᠢ ᠬᠤᠶᠢᠲᠠᠢ ᠠᠭᠤᠯᠠᠨ ᠳᠤᠬᠦᠪᠴᠢᠨ ᠤᠢ ᠶᠢᠨ ᠰᠡᠭᠦᠳᠡᠷ ᠲᠠᠢᠲᠠᠯᠠᠨ ᠲᠤᠯᠤᠭᠠᠨ ᠰᠤᠶᠤᠭ᠎ᠠ ᠲᠠᠢᠳᠠᠨᠵᠢ ᠴᠠᠭᠠᠨ ᠬᠡᠰᠬᠢᠭᠦᠷ ᠲᠠᠢᠮᠠᠨ ᠢ ᠪᠠᠨ ᠭᠡᠪᠡᠯ ᠳ᠋ᠠ ᠲᠠᠨᠤᠰᠨᠡᠷ᠎ᠡ ᠵᠢᠯ ᠢᠶᠠᠨ ᠬᠠᠶᠢᠷᠠᠯᠠᠴᠢᠬ᠎ᠠ ᠳ᠋ᠠ ᠬᠦᠢ    ᠴᠢ ᠨᠠᠰᠤᠲᠠᠨ ᠤᠷᠮ᠎ᠠ ᠰᠡᠷᠭᠦᠵᠦ ᠬᠤᠭᠤᠷ ᠳᠡᠲᠠᠨ ᠦᠯᠢᠭᠡᠷ ᠬᠡᠯᠡᠵᠦ ᠦᠭᠬᠦᠨ ᠪᠢᠳᠡ ᠪᠦᠭᠦᠳᠡᠭᠡᠷ ᠢᠶᠠᠷ ᠢᠶᠠᠨ ᠰᠡᠳᠬᠢᠯ ᠪᠠᠶᠠᠰᠪᠡ᠃        ( ᠡᠬᠡ ᠨᠤᠤᠷᠠᠭ ᠢ ᠨᠢᠩᠴᠧᠩ ᠰᠢᠶᠠᠨ ᠤ ᠰᠤᠷᠭᠠᠨ ᠬᠦᠮᠦᠵᠢᠯ ᠤᠨ ᠲᠤᠪᠴᠢᠶᠡᠨ ᠤ  ᠲᠤᠪᠴᠢᠶᠡᠨ ᠳᠡᠳ᠋ ᠲᠡᠷᠤᠭ᠎ᠠ᠂ ᠨᠢᠩᠴᠧᠩ ᠰᠢᠶᠠᠨ ᠤ ᠮᠣᠩᠭᠤᠯ ᠥᠨᠳᠥᠰᠥᠲᠡᠨ ᠤ ᠲᠤᠮᠳᠠᠳᠤ ᠰᠤᠷᠭᠠᠭᠤᠯᠢ ᠶᠢᠨ ᠤᠤᠯ ᠤᠨ ᠵᠠᠬᠢᠷᠣᠯ ᠮᠠᠨᠴᠢᠤᠸᠠᠨ ᠨᠦᠭᠦᠷ ᠬᠠᠩᠭᠠᠪᠠ)
 
ᠢᠷᠡᠯᠲᠡ᠄ ᠨᠢᠩᠴᠧᠩ ᠰᠢᠶᠠᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号