| ᠴᠢ ᠹᠧᠩ ᠭᠧ᠂ ᠡᠷᠩᠲᠡᠢ᠂ ᠮᠤᠩᠭᠤᠯ ᠦᠨᠳᠦᠰᠦᠲᠡᠨ᠂ ᠪᠠᠭ᠎ᠠ ᠶᠢᠨ ᠨᠡᠷ᠎ᠡ ᠨᠢ ᠰᠢᠶᠤᠤ ᠯᠠᠮᠠ ᠭᠡᠳᠡᠭ᠂ | ᠪᠢᠷ ᠤᠨ ᠨᠡᠷ᠎ᠡ ᠪᠠ᠊᠂ ᠲᠠᠯᠠᠳ ᠴᠠᠭᠠᠨ᠂ 1940 ᠣᠨ ᠤ 8 ᠰᠠᠷ᠎ᠠ ᠶᠢᠨ 8 ᠤ ᠡᠳᠤᠷ ᠣᠣᠯ ᠤᠨ ᠬᠠᠷᠠᠴᠢᠨ | ᠲᠤᠮᠳᠠᠳᠦ ᠬᠤᠰᠢᠭᠤᠨ ᠤ ᠮᠠᠷᠠᠲᠦ ᠶᠢᠨ ᠬᠤᠷᠤᠭᠠᠨ ᠤ ᠲᠠᠯᠳ ᠳᠠᠷᠬᠠᠳ ᠤᠪᠤᠬᠲᠦ ᠪᠣᠶᠠᠨᠬᠡᠰᠢᠭ ᠤᠨ ᠭᠤᠷᠪᠠᠳᠤᠭᠠᠷ | ᠬᠦᠪᠡᠭᠦᠨ ᠪᠤᠯᠤᠨ ᠵᠠᠶᠠᠭᠠᠵᠠᠢ᠃ | ᠪᠠᠭ᠎ᠠ ᠰᠤᠷᠭᠠᠭᠤᠯᠢ ᠪᠠᠨ ᠮᠠᠷᠠᠳᠦ ᠶᠢᠨ ᠮᠤᠩᠭᠤᠯ ᠦᠨᠳᠦᠰᠦᠲᠠᠨ ᠤ ᠪᠦᠷᠢᠨ ᠪᠠᠭ᠎ᠠ ᠰᠤᠷᠭᠠᠭᠤᠯᠢ ᠠᠴᠠ᠂ ᠠᠩᠬ᠎ᠠ | ᠲᠤᠮᠳᠠᠳᠦ ᠪᠠᠨ ᠤᠯᠠᠭᠠᠨᠬᠠᠲᠠ ᠶᠢᠨ ᠨᠢᠭᠡᠳᠤᠭᠡᠷ ᠲᠤᠮᠳᠠᠳᠦ ᠰᠤᠷᠭᠠᠭᠤᠯᠢ ᠠᠴᠠ᠂ ᠪᠠᠭᠰᠢ ᠶᠢᠨ ᠰᠤᠷᠭᠠᠭᠤᠯᠢ ᠪᠠᠨ | ᠯᠢᠨᠳᠦ᠋ᠩ ᠤᠨ ᠪᠠᠭᠰᠢ ᠶᠢᠨ ᠰᠤᠷᠭᠠᠭᠤᠯᠢ ᠠᠴᠠ ᠲᠡᠭᠦᠰᠴᠠᠢ᠃ ᠰᠤᠷᠭᠠᠭᠤᠯᠢ ᠲᠡᠭᠦᠰᠦᠭᠰᠡᠨ ᠤ ᠪᠠᠨ ᠳᠠᠷᠠᠭ᠎ᠠ ᠤᠷᠢᠳ | ᠬᠤᠵᠢᠳ ᠨᠢᠩᠴᠧᠩ ᠰᠢᠶᠠᠨ ᠤ ᠳ᠋ᠠ ᠮᠢᠩ ᠭᠦᠩᠱᠧ ᠤᠨ ᠨᠤᠬᠠᠢ ᠬᠤᠲᠠ᠂ ᠮᠠᠷᠠᠲᠦ ᠭᠦᠩᠱᠧ ᠤᠨ ᠬᠦᠬᠡ᠂ | ᠰᠥᠩ ᠱᠤ᠋ ᠲᠠᠢ᠂ ᠳᠡᠭᠡᠷ᠎ᠡ ᠲᠤᠤᠷ᠎ᠠ ᠲᠠᠪᠤᠨ ᠭᠡᠷ ᠵᠡᠷᠭᠡ ᠰᠤᠷᠭᠠᠭᠤᠯᠢ ᠳᠤ ᠪᠠᠭᠰᠢᠯᠠᠵᠦ 2000 ᠣᠨ ᠳᠤ | ᠠᠵᠢᠯ ᠤᠨ ᠠᠮᠠᠷᠠᠯᠲᠠ ᠪᠠᠨ ᠠᠪᠴᠠᠢ᠃ | ᠴᠢ ᠪᠠᠭᠰᠢ ᠮᠣᠩᠭᠤᠯ ᠬᠡᠯᠡ ᠰᠤᠶᠤᠯ ᠳᠤ ᠪᠠᠨ ᠬᠠᠶᠢᠷᠠᠳᠠᠢ᠂ ᠨᠣᠮ ᠵᠤᠬᠢᠶᠠᠯ ᠣᠩᠰᠢᠬᠤ᠂ ᠰᠢᠷᠭᠠᠭᠤ ᠰᠤᠳᠤᠯᠵᠦ | ᠭᠦᠨ ᠨᠢᠭᠲᠠᠯᠠᠬᠤ ᠵᠠᠩᠰᠢᠯ ᠲᠠᠢ ᠪᠠᠶᠢᠳᠠᠭ ᠢᠶᠠᠷ ᠮᠣᠩᠭᠤᠯ ᠬᠡᠯᠡᠨ ᠵᠦᠢ᠂ ᠨᠤᠳᠤᠭ ᠤᠨ ᠠᠶᠠᠯᠭᠤ ᠬᠡᠯᠡᠯᠭᠡ᠂ ᠵᠠᠩ | ᠦᠢᠯᠡ᠂ ᠨᠣᠳᠤᠭ ᠤᠰᠤᠨ ᠤ ᠭᠠᠵᠠᠷ ᠤᠨ ᠨᠡᠷᠡᠰ ᠵᠡᠷᠭᠡ ᠬᠦᠷᠢᠶ᠎ᠡ ᠴᠠᠷᠠᠭᠠᠨ ᠳᠤ ᠲᠤᠩ ᠶᠡᠭᠡ ᠣᠷᠣᠯᠳᠣᠯᠭ᠎ᠠ ᠲᠠᠢ | ᠪᠠᠶᠢᠵᠦ᠂ ᠰᠣᠷᠪᠣᠯᠵᠢ ᠪᠢᠴᠢᠭ ᠤᠨ ᠰᠤᠳᠤᠯᠭᠠᠨ᠂ ᠬᠠᠷᠠᠴᠢᠨ ᠰᠤᠶᠤᠯ ᠰᠤᠳᠤᠯᠤᠯ᠂ ᠦᠭᠡᠰ ᠤᠨ ᠰᠠᠩ ᠤᠨ | ᠰᠤᠳᠤᠯᠤᠯ᠂ ᠪᠤᠰᠤᠳ ᠡᠷᠳᠡᠮ ᠰᠢᠨᠵᠢᠯᠡᠭᠡᠨ ᠤ ᠦᠭᠦᠯᠡᠯ ᠵᠡᠷᠭᠡ 50 ᠭᠠᠷᠣᠢ ᠦᠭᠦᠯᠡᠯ ᠨᠢ 1997 ᠣᠨ ᠠᠴᠠ | ᠡᠬᠢᠯᠡᠨ《 ᠮᠣᠩᠭᠤᠯ ᠬᠡᠯᠡ ᠪᠢᠴᠢᠭ 》《 ᠦᠪᠦᠷ ᠮᠣᠩᠭᠤᠯ ᠤᠨ ᠮᠤᠩᠭᠤᠯ ᠭᠠᠵᠠᠷ ᠤᠨ ᠨᠡᠷᠡᠰ ᠤᠨ ᠰᠤᠶᠤᠯ ᠤᠨ | ᠰᠤᠳᠤᠯᠤᠯ 》《 ᠲᠤᠷᠭᠠᠨ ᠵᠢᠯᠤᠭᠤ 》 ᠵᠡᠷᠭᠡ ᠰᠡᠳᠭᠦᠯ ᠳᠤ ᠨᠡᠶᠢᠳᠡᠯᠡᠭᠳᠡᠵᠦ ᠦᠩᠭᠡᠷᠡᠵᠠᠢ᠃ | ᠡᠭᠦᠨ ᠠᠴᠠ ᠭᠠᠳᠠᠨ᠎ᠠ ᠴᠡᠩᠭᠡᠯᠲᠠᠢ ᠰᠠᠭᠤᠷᠢ ᠮᠥᠩᠭᠦᠨ ᠤ ᠨᠡᠶᠢᠭᠡᠮᠯᠢᠭ ᠤᠨ ᠨᠠᠶᠢᠷᠠᠭᠤᠯᠤᠬᠰᠠᠨ《 ᠬᠠᠷᠠᠴᠢᠨ | ᠬᠤᠷᠢᠮ ᠤᠨ ᠵᠠᠩ ᠦᠢᠯᠡ 》᠂ ᠨᠠᠭᠤᠰᠠᠶᠢᠨᠬᠦᠦ ᠶᠢᠨ ᠨᠠᠶᠢᠷᠠᠭᠤᠯᠤᠬᠰᠠᠨ《 ᠬᠠᠷᠠᠴᠢᠨ ᠠᠶᠢᠮᠠᠭ ᠤᠨ ᠬᠤᠷᠢᠮ ᠤᠨ | ᠵᠠᠩ ᠦᠢᠯᠡ᠂ ᠪᠡᠯᠡᠭ ᠵᠣᠷᠭ᠎ᠠ᠂ ᠳᠠᠭᠤᠤ ᠨᠤᠭᠤᠳ》 ᠵᠡᠷᠭᠡ ᠶᠢᠨ ᠨᠠᠶᠢᠷᠠᠭᠤᠯᠬᠤ ᠠᠵᠢᠯ ᠳᠤ ᠤᠷᠤᠯᠴᠠᠵᠠᠢ᠃ | ᠨᠢᠩᠴᠧᠩ ᠰᠢᠶᠠᠨ ᠤ ᠮᠤᠩᠭᠤᠯ ᠬᠡᠯᠡ ᠪᠢᠴᠢᠭ ᠢ ᠰᠤᠷᠴᠦ ᠭᠡᠷᠩᠯᠡᠭᠰᠡᠨ ᠲᠡᠷᠢᠭᠦᠨ ᠤ ᠬᠤᠪᠢ ᠬᠦᠮᠦᠨ ᠢᠶᠠᠷ 6 | ᠤᠳᠠᠭ᠎ᠠ ᠬᠦᠬᠢᠭᠦᠯᠦᠭᠳᠡᠵᠦ᠂ 2006 ᠣᠨ ᠳᠤ ᠤᠯᠠᠭᠠᠨᠬᠠᠲᠠ ᠬᠤᠲᠠ ᠶᠢᠨ ᠮᠤᠩᠭᠤᠯ ᠬᠡᠯᠡ ᠪᠢᠴᠢᠭ ᠢ ᠰᠣᠷᠴᠦ | ᠬᠡᠷᠩᠯᠡᠭᠰᠡᠨ ᠲᠡᠷᠢᠭᠦᠨ ᠤ ᠬᠤᠪᠢ ᠬᠦᠮᠦᠨ ᠤ ᠱᠠᠩᠨᠠᠯ ᠢ ᠲᠣᠰᠴᠠᠢ᠃ 2016 ᠣᠨ ᠳᠤ ᠤᠯᠠᠭᠠᠨᠬᠠᠲᠠ | ᠬᠤᠲᠠ ᠶᠢᠨ《 ᠠᠷᠪᠠᠨ ᠰᠣᠳᠣᠨ ᠨᠣᠮ ᠣᠩᠰᠢᠬᠴᠢ 》 ᠪᠠᠷ ᠴᠣᠯᠠᠯᠠᠭᠳᠠᠪᠠ᠃ | | | ᠴᠢ ᠹᠧᠩ ᠭᠧ ᠪᠠᠭᠰᠢ ᠮᠠᠬᠠᠷᠠᠮᠠ ᠦᠢᠯᠡᠰ ᠲᠡᠭᠡᠨ ᠮᠡᠷᠡᠶᠢᠨ ᠠᠵᠢᠯᠯᠠᠬᠰᠠᠨ ᠠᠴᠠ ᠢᠷᠠᠭᠤ ᠠᠯᠳᠠᠷ | ᠬᠦᠷᠳᠡᠭᠡᠮᠵᠢ ᠴᠣᠯᠠ ᠲᠦᠷᠦ ᠶᠢᠨ ᠶᠤᠰᠤ ᠲᠥᠮᠡᠨ ᠤ ᠲᠠᠭᠠᠰᠢᠶᠠᠯ ᠢᠶᠠᠷ ᠢᠷᠡᠵᠦ᠂《 ᠮᠤᠩᠭᠤᠯᠴᠢ ᠮᠡᠷᠭᠡᠳ ᠤᠨ | ᠴᠢᠭᠤᠯᠭᠠᠨ 》《 ᠲᠤᠮᠳᠠᠳᠤ ᠤᠯᠤᠰ ᠤᠨ ᠮᠤᠩᠭᠤᠯ ᠦᠨᠳᠦᠰᠦᠲᠡᠨ ᠤ ᠣᠳᠣ ᠦᠶ᠎ᠡ ᠶᠢᠨ ᠰᠣᠷᠭᠠᠨ | ᠬᠦᠮᠦᠵᠢᠯ ᠤᠨ ᠭᠠᠪᠢᠶᠠᠲᠠᠨ ᠤ ᠶᠡᠭᠡ ᠲᠣᠯᠢ 》 ᠳᠤ ᠨᠡᠷ᠎ᠡ ᠪᠠᠨ ᠲᠡᠮᠳᠡᠭᠯᠡᠭᠦᠯᠪᠡ᠃ | ( ᠡᠬᠡ ᠨᠤᠤᠷᠠᠭ ᠢ ᠨᠢᠩᠴᠧᠩ ᠰᠢᠶᠠᠨ ᠤ ᠰᠤᠷᠭᠠᠨ ᠬᠦᠮᠦᠵᠢᠯ ᠤᠨ ᠲᠤᠪᠴᠢᠶᠡᠨ ᠤ ᠲᠤᠪᠴᠢᠶᠡᠨ ᠳᠡᠳ᠋ | ᠲᠡᠷᠤᠭ᠎ᠠ᠂ ᠨᠢᠩᠴᠧᠩ ᠰᠢᠶᠠᠨ ᠤ ᠮᠣᠩᠭᠤᠯ ᠥᠨᠳᠥᠰᠥᠲᠡᠨ ᠤ ᠲᠤᠮᠳᠠᠳᠤ ᠰᠤᠷᠭᠠᠭᠤᠯᠢ ᠶᠢᠨ ᠤᠤᠯ ᠤᠨ ᠵᠠᠬᠢᠷᠣᠯ | ᠮᠠᠨᠴᠢᠤᠸᠠᠨ ᠨᠦᠭᠦᠷ ᠬᠠᠩᠭᠠᠪᠠ) |