| ᠨᠠᠮᠣᠷ ᠡᠪᠦᠯ ᠤᠨ ᠣᠯᠠᠷᠢᠯ ᠳᠤ ᠵᠠᠷᠢᠮ ᠬᠦᠮᠦᠰ ᠤᠨ ᠠᠷᠠᠰᠣ ᠬᠠᠭᠤᠷᠠᠶᠢᠰᠢᠵᠦ᠂ ᠵᠢᠭᠠᠰᠣᠨ ᠤ ᠬᠠᠶᠢᠷᠰᠣ | ᠰᠢᠭ᠋ ᠪᠣᠯᠬᠤ ᠮᠦᠷᠳᠡᠬᠡᠨ ᠵᠠᠭᠠᠳᠣᠨᠠᠳᠠᠭ᠃ ᠭᠠᠷ ᠢᠶᠠᠷ ᠢᠶᠠᠨ ᠬᠦᠩᠬᠡᠬᠡᠨ ᠮᠠᠭᠠᠵᠢᠪᠠᠯ ᠴᠠᠰᠣᠨ ᠰᠢᠷᠬᠡᠭ ᠰᠢᠭ ᠴᠠᠭᠠᠨ | ᠶᠠᠭᠤᠮ᠎ᠠ ᠪᠠᠭᠤᠨ᠎ᠠ᠃ ᠡᠨᠡ ᠨᠢ ᠶᠠᠭᠤᠨ ᠠᠴᠠ ᠪᠣᠯᠣᠭᠰᠠᠨ ᠪᠣᠢ ᠬᠡᠪᠡᠯ ᠪᠠᠷᠤᠭ ᠣᠯᠠᠨᠲᠠ ᠪᠡᠶ᠎ᠡ ᠪᠠᠨ ᠣᠬᠢᠶᠠᠭᠰᠨᠨ | ᠲᠠᠢ ᠬᠤᠯᠪᠣᠭ᠎ᠠ ᠲᠠᠢ ᠶᠤᠮ᠃ | ᠵᠠᠷᠢᠮ ᠬᠥᠮᠥᠨ ᠡᠪᠦᠯ ᠤᠨ ᠬᠦᠢᠳᠡᠨ ᠳᠤ ᠴᠣ᠋ ᠪᠡᠶ᠎ᠡ ᠪᠠᠨ ᠣᠬᠢᠶᠠᠬᠤ ᠲᠣᠷᠠᠳᠠᠢ ᠪᠠᠶᠢᠳᠠᠭ᠃ | ᠲᠠᠨ ᠤ ᠲᠡᠷᠭᠡᠳᠡ ᠳᠤ ᠴᠣ᠋ ᠡᠶᠢᠮᠦ ︽ᠠᠷᠢᠭᠤᠨ ᠴᠡᠪᠡᠷᠴᠢ︾ ᠬᠦᠮᠦᠨ ᠪᠠᠶᠢᠬᠤ ᠪᠠᠶᠢᠬ᠎ᠠ᠃ ᠲᠡᠭᠡᠪᠡᠯ ᠡᠳᠦᠷ ᠪᠣᠯᠭᠠᠨ | ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖ ᠡᠪᠦᠯ ᠤᠨ ᠣᠯᠠᠷᠢᠯ ᠳᠤ ᠬᠡᠳᠦᠢ ᠣᠳᠠᠭᠠᠳ ᠪᠡᠶ᠎ᠡ ᠪᠠᠨ ᠨᠢᠭᠡ | ᠣᠬᠢᠶᠠᠬᠤ ᠨᠢ ᠵᠣᠬᠢᠰᠳᠠᠢ ᠪᠣᠢ︖ | ᠡᠳᠦᠷ ᠪᠣᠯᠭᠠᠨ ᠪᠡᠶ᠎ᠡ ᠪᠠᠨ ᠣᠬᠢᠶᠠᠬᠤ ᠨᠢ ᠵᠣᠬᠢᠰᠳᠠᠢ ᠤᠤ︖ | ᠮᠠᠰᠢ ᠣᠯᠠᠨ ᠬᠥᠮᠥᠨ ᠡᠳᠦᠷ ᠪᠣᠯᠭᠠᠨ ᠪᠡᠶ᠎ᠡ ᠪᠠᠨ ᠣᠬᠢᠶᠠᠬᠤ ᠲᠠᠳᠬᠠᠯ ᠲᠠᠢ ᠪᠠᠶᠢᠳᠠᠭ᠃ | ᠬᠠᠯᠠᠭᠤᠨ ᠭᠠᠵᠠᠷ ᠲᠤ ᠪᠣᠯ ᠡᠳᠦᠷ ᠪᠣᠯᠭᠠᠨ ᠬᠤᠶᠠᠷ ᠣᠳᠠᠭ᠎ᠠ ᠣᠬᠢᠶᠠᠬᠤ ᠶᠠᠪᠣᠳᠠᠯ ᠴᠣ᠋ ᠭᠠᠷᠳᠠᠭ᠃ ᠭᠡᠪᠡᠴᠦ | ᠡᠮᠴᠢ ᠠᠴᠠ ᠪᠡᠶ᠎ᠡ ᠪᠠᠨ ᠡᠳᠦᠷ ᠪᠦᠷᠢ ᠣᠬᠢᠶᠠᠬᠤ ᠦᠬᠡᠢ ᠪᠣᠯ ᠰᠠᠶᠢᠨ ᠬᠡᠵᠦ ᠰᠠᠨᠠᠭᠤᠯᠵᠦ ᠪᠠᠶᠢᠨ᠎ᠠ᠃ ᠣᠴᠢᠷ ᠨᠢ | ᠶᠠᠭᠤ ᠬᠡᠪᠡᠯ ᠪᠡᠶ᠎ᠡ ᠣᠬᠢᠶᠠᠬᠤ ᠰᠢᠩᠬᠡᠨ ᠪᠣᠯᠣᠨ ᠦᠰᠦ ᠣᠬᠢᠶᠠᠬᠤ ᠰᠢᠩᠬᠡᠨ ᠨᠢ ᠬᠦᠮᠣᠨ ᠤ ᠪᠡᠶ᠎ᠡ ᠶᠢᠨ | ᠠᠷᠠᠰᠣᠨ ᠤ ᠪᠣᠵᠠᠷ ᠪᠣᠷᠳᠠᠭ ᠢ ᠠᠷᠢᠯᠭᠠᠬᠤ ᠶᠢᠨ ᠲᠠᠭᠠᠣ ᠠᠷᠠᠰᠣᠨ ᠤ ᠲᠣᠰᠣᠯᠢᠭ ᠲᠠᠪᠬᠤᠷᠭ᠎ᠠ ᠶᠢ ᠴᠦ | ᠠᠷᠢᠯᠭᠠᠳᠠᠭ᠃ ᠠᠷᠠᠰᠣᠨ ᠤ ᠲᠣᠰᠣᠯᠢᠭ ᠲᠠᠪᠬᠤᠷᠭ᠎ᠠ ᠨᠢ ᠠᠷᠠᠰᠣ ᠶᠢ ᠬᠠᠮᠠᠭᠠᠯᠠᠨ᠂ ᠠᠷᠠᠰᠣᠨ ᠲᠠᠪᠬᠤᠷᠭ᠎ᠠ ᠳᠠᠬᠢ | ᠣᠰᠣᠨ ᠤ ᠬᠡᠳᠦᠷᠬᠡᠢ ᠠᠭᠤᠷᠰᠢᠯ ᠢ ᠰᠡᠷᠬᠡᠶᠢᠯᠡᠳᠡᠭ ᠶᠤᠮ᠃ᠣᠯᠠᠨᠲᠠ ᠪᠡᠶ᠎ᠡ ᠪᠠᠨ ᠤᠬᠢᠶᠠᠪᠠᠯ ᠠᠷᠠᠰᠣᠨ ᠤ | ᠲᠣᠰᠣᠯᠢᠭ ᠲᠠᠪᠬᠤᠷᠭ᠎ᠠ ᠶᠢ ᠡᠪᠳᠡᠬᠦ ᠪᠣᠯᠬᠤᠷ ᠬᠠᠭᠤᠷᠠᠶᠢᠰᠢᠬᠤ᠂ ᠵᠠᠭᠠᠳᠣᠨᠠᠬᠤ ᠵᠡᠷᠬᠡ ᠠᠷᠠᠰᠣᠨ ᠤ ᠰᠡᠳᠡᠯᠳᠡ ᠶᠢ | ᠪᠣᠢ ᠪᠣᠯᠭᠠᠳᠠᠭ᠃ | ᠬᠡᠳᠦᠢ ᠤᠳᠠᠭᠠᠳ ᠪᠡᠶ᠎ᠡ ᠪᠠᠨ ᠣᠬᠢᠶᠠᠬᠤ ᠨᠢ ᠰᠢᠨᠵᠢᠯᠡᠬᠦ ᠣᠬᠠᠭᠠᠨᠴᠢ ᠪᠣᠢ︖ | ᠡᠬᠦᠨ ᠢ ᠪᠣᠳᠠᠲᠠᠢ ᠲᠣᠭᠳᠠᠭᠠᠭᠰᠠᠨ ᠬᠦᠮᠦᠨ ᠭᠡᠵᠦ ᠪᠠᠶᠢᠬᠤ ᠦᠬᠡᠢ᠃ ᠥᠭᠡᠷ᠎ᠡ ᠪᠠᠷ ᠬᠡᠯᠡᠪᠡᠯ᠂ | ᠣᠷᠴᠢᠨ ᠲᠣᠭᠤᠷᠢᠨ ᠪᠣᠯᠣᠨ ᠬᠤᠪᠢ ᠬᠦᠮᠦᠨ ᠤ ᠰᠢᠯᠳᠠᠭᠠᠨ ᠢᠶᠠᠨ ᠦᠨᠳᠦᠰᠣᠯᠡᠬᠦ ᠬᠡᠷᠡᠭᠳᠠᠢ᠃ | ᠬᠠᠯᠠᠭᠤᠨ ᠴᠠᠭ ᠲᠤ ᠢᠯᠡᠭᠦᠦ ᠣᠬᠢᠶᠠᠵᠦ᠂ ᠬᠦᠢᠳᠡᠨ ᠴᠠᠭ ᠲᠤ ᠴᠦᠬᠡᠨ ᠰᠢᠭ ᠣᠬᠢᠶᠠᠬᠤ | ᠨᠢ ᠵᠣᠬᠢᠰᠳᠠᠢ᠃ ᠡᠨᠡ ᠲᠠᠯ᠎ᠠ ᠪᠠᠷ ᠲᠣᠮᠳᠠᠳᠣ ᠣᠯᠣᠰ ᠤᠨ ᠠᠷᠠᠰᠣᠨ ᠤ ᠰᠠᠯᠠᠭᠠᠨ ᠤ ᠨᠡᠶᠢᠬᠡᠮᠯᠢᠭ ᠤᠨ | ᠨᠡᠶᠢᠳᠡᠯᠡᠭᠰᠡᠨ ︽ᠠᠷᠠᠰᠣ ᠶᠢ ᠴᠡᠪᠡᠷᠰᠢᠬᠦᠯᠬᠦ ᠲᠤᠬᠠᠢ ᠵᠦᠭᠯᠡᠭᠦᠷ︾ ᠢᠶᠠᠷ ᠯᠠᠪᠯᠠᠯᠳᠠ ᠪᠣᠯᠭᠠᠵᠦ ᠪᠣᠯᠣᠨ᠎ᠠ᠃ ᠡᠭᠦᠨ ᠳᠤ | ᠲᠡᠮᠳᠡᠭᠯᠡᠭᠰᠡᠨ ᠢᠶᠠᠷ᠄ | ᠡᠩ ᠤᠨ ᠪᠠᠶᠢᠳᠠᠯ ᠳᠤ 2~3 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠵᠦ᠂ ᠵᠣᠨ ᠤ | ᠬᠠᠯᠠᠭᠤᠨ ᠴᠠᠭ ᠪᠣᠶᠣ ᠲᠠᠮᠢᠷ ᠤᠨ ᠬᠦᠳᠡᠯᠬᠡᠬᠡᠨ ᠳᠤ ᠲᠣᠷᠠᠳᠠᠢ ᠬᠦᠮᠦᠰ ᠡᠳᠦᠷ ᠪᠦᠷᠢ ᠪᠡᠶ᠎ᠡ ᠪᠠᠨ ᠤᠬᠢᠶᠠᠵᠤ | ᠪᠣᠯᠣᠨ᠎ᠠ᠃ ᠭᠠᠩ ᠬᠠᠭᠤᠷᠠᠢ ᠭᠠᠵᠠᠷ ᠣᠷᠣᠨ ᠪᠣᠶᠣ ᠡᠪᠦᠯ ᠤᠨ ᠬᠦᠢᠳᠡᠨ ᠳᠤ ᠨᠠᠰᠣᠳᠠᠢ ᠬᠦᠮᠦᠰ 5~7 ᠡᠳᠦᠷ | ᠲᠤ᠂ ᠵᠠᠯᠠᠭᠤᠴᠣᠳ 3~5 ᠡᠳᠦᠷ ᠲᠤ ᠨᠢᠬᠡ ᠣᠳᠠᠭ᠎ᠠ ᠪᠡᠶ᠎ᠡ ᠪᠠᠨ ᠣᠬᠢᠶᠠᠬᠤ ᠶᠢ ᠰᠠᠨᠠᠭᠤᠯᠵᠦ ᠪᠠᠶᠢᠨ᠎ᠠ᠃ | ᠪᠡᠶ᠎ᠡ ᠣᠬᠢᠶᠠᠬᠤ ᠠᠯᠬᠤᠮ ᠲᠠᠷᠠᠭ᠎ᠠ ᠶᠢᠨ ᠲᠣᠬᠠᠢ ᠬᠡᠪᠡᠯ᠂ ᠣᠷᠢᠳᠠᠪᠠᠷ ᠨᠢᠭᠤᠷ ᠢᠶᠠᠨ ᠣᠬᠢᠶᠠᠵᠦ᠂ ᠲᠠᠷᠠᠭ᠎ᠠ ᠨᠢ | ᠪᠡᠶ᠎ᠡ ᠪᠠᠨ ᠣᠬᠢᠶᠠᠨ᠂ ᠬᠠᠮᠤᠭ ᠤᠨ ᠰᠡᠬᠦᠯ ᠳᠤ ᠦᠰᠦ ᠪᠠᠨ ᠣᠬᠢᠶᠠᠬᠤ ᠨᠢ ᠲᠣᠬᠢᠷᠠᠮᠵᠢᠳᠠᠢ ᠶᠤᠮ᠃ | ᠪᠡᠶ᠎ᠡ ᠪᠠᠨ ᠣᠬᠢᠶᠠᠬᠤ ᠳᠤ ᠶᠠᠭᠤ ᠶᠢ ᠠᠩᠬᠠᠷᠬᠤ ᠴᠢᠬᠤᠯᠠᠲᠠᠢ ᠪᠣᠢ︖ | 1. ᠭᠬᠢᠷ ᠠᠷᠢᠯᠭᠠᠬᠤ ᠠᠯᠴᠢᠭᠤᠷ ᠢᠶᠠᠷ ᠪᠡᠶ᠎ᠡ ᠪᠠᠨ ᠰᠢᠷᠦᠬᠦᠨ ᠵᠦᠯᠬᠦᠬᠦ ᠨᠢ ᠠᠷᠠᠰᠣᠨ ᠤ | ᠲᠠᠪᠬᠤᠷᠭ᠎ᠠ ᠶᠢ ᠡᠪᠳᠡᠬᠦ᠂ ᠴᠢᠨᠠᠭᠰᠢᠯᠠᠭᠠᠳ ᠰᠢᠷᠬ᠎ᠠ ᠰᠣᠷᠪᠢ ᠦᠯᠡᠳᠡᠭᠡᠬᠦ ᠠᠶᠣᠯ ᠲᠠᠢ ᠪᠣᠯᠬᠤᠷ ᠪᠣᠯᠬᠤ ᠶᠢᠨ | ᠲᠣᠳᠣᠷ᠎ᠠ ᠪᠢᠳᠡᠭᠡᠢ ᠰᠢᠷᠦᠬᠦᠨ ᠵᠦᠯᠬᠦᠬᠡᠷᠠᠢ᠃ | 2. ᠪᠡᠶ᠎ᠡ ᠣᠬᠢᠶᠠᠬᠤ ᠰᠢᠩᠬᠡᠨ ᠢ ᠪᠡᠶ᠎ᠡ ᠲᠦᠭᠦᠷᠡᠩ ᠲᠦᠷᠬᠢᠬᠦ ᠬᠡᠷᠡᠭ ᠦᠭᠡᠢ᠃ ᠦᠨᠡᠨᠳᠡᠬᠡᠨ | ᠴᠡᠪᠡᠷ ᠣᠰᠣ ᠪᠠᠷ ᠪᠡᠶ᠎ᠡ ᠳᠡᠭᠡᠷᠡᠬᠢ ᠭᠬᠢᠷ ᠢ ᠠᠷᠢᠯᠭᠠᠴᠢᠬᠠᠬᠤ ᠶᠤᠮ᠃ ᠬᠦᠯ᠂ ᠰᠣᠭᠤ ᠵᠡᠷᠬᠡ ᠭᠠᠵᠠᠷ ᠲᠦᠷᠬᠢᠪᠡᠯ | ᠪᠣᠯᠴᠢᠬᠠᠨ᠎ᠠ᠃ ᠪᠡᠶ᠎ᠡ ᠣᠬᠢᠶᠠᠬᠤ ᠰᠢᠩᠬᠡᠨ ᠢ ᠢᠩᠬᠢᠵᠦ ᠬᠡᠷᠡᠭᠯᠡᠪᠡᠯ ᠵᠣᠭᠤᠰ ᠠᠷᠪᠢᠯᠠᠬᠤ ᠪᠠᠷ ᠪᠠᠷᠠᠬᠤ ᠦᠭᠡᠢ | ᠰᠠᠨᠠᠭᠠᠨ ᠳᠤ ᠦᠬᠡᠢ ᠠᠷᠠᠰᠣᠨ ᠤ ᠬᠡᠮᠳᠦᠯ ᠠᠴᠠ ᠴᠣ᠋ ᠵᠠᠶᠢᠯᠠᠵᠦ ᠴᠢᠳᠠᠨ᠎ᠠ᠃ | 3. ᠪᠡᠶ᠎ᠡ ᠪᠠᠨ ᠣᠬᠢᠶᠠᠮᠠᠭᠴᠨ ᠣᠨᠳᠠᠬᠤ ᠨᠢ ᠲᠡᠶᠢᠮᠦ ᠰᠠᠶᠢᠨ ᠪᠢᠰᠢ᠃ ᠪᠡᠶ᠎ᠡ ᠪᠠᠨ ᠣᠬᠢᠶᠠᠬᠤ | ᠦᠶᠡᠰ ᠠᠷᠠᠰᠣᠨ ᠤ ᠬᠢᠯᠭᠠᠰᠣᠨ ᠰᠣᠳᠠᠯ ᠲᠡᠯᠡᠵᠦ᠂ ᠪᠦᠬᠦ ᠪᠡᠶ᠎ᠡ ᠶᠢᠨ ᠴᠢᠰᠣᠨ ᠡᠷᠬᠢᠯᠳᠡ ᠲᠦᠷᠬᠡᠰᠦᠨ᠂ ᠪᠡᠶ᠎ᠡ | ᠬᠠᠷᠢᠴᠠᠩᠭᠤᠢ ᠰᠡᠷᠬᠡᠭ ᠪᠠᠶᠢᠳᠠᠯ ᠳᠤ ᠣᠷᠣᠳᠠᠭ ᠪᠣᠯᠬᠤᠷ ᠡᠨᠡ ᠦᠶ᠎ᠡ ᠳᠤ ᠣᠨᠳᠠᠪᠠᠯ ᠠᠮᠠᠷᠬᠠᠨ ᠨᠣᠶᠢᠷ ᠬᠤᠯᠵᠢᠨ᠎ᠠ᠃ | ᠡᠶᠢᠮᠦ ᠠᠴᠠ 1~2 ᠴᠠᠭ ᠤᠨ ᠲᠠᠷᠠᠭ᠎ᠠ ᠣᠨᠳᠠᠪᠠᠯ ᠬᠠᠮᠤᠭ ᠤᠨ ᠵᠣᠬᠢᠰᠳᠠᠢ ᠶᠣᠮ᠃ | 4. ᠪᠡᠶ᠎ᠡ ᠪᠠᠨ ᠣᠬᠢᠶᠠᠮᠠᠭᠴᠨ ᠠᠷᠠᠰᠣ ᠰᠢᠮᠡᠵᠢᠬᠦᠯᠬᠦ ᠲᠣᠰᠣ ᠲᠦᠷᠬᠢᠬᠡᠷᠠᠢ᠃ ᠣᠰᠣᠨ | ᠳᠤ ᠣᠷᠣᠭᠰᠠᠨ ᠴᠣ᠋ ᠬᠦᠮᠦᠨ ᠤ ᠠᠷᠠᠰᠣ ᠲᠡᠶᠢᠮᠦ ᠠᠷᠪᠢᠨ ᠣᠰᠣ ᠶᠢ ᠰᠢᠩᠬᠡᠬᠡᠵᠦ ᠴᠢᠳᠠᠬᠤ ᠦᠬᠡᠢ᠃ | ᠣᠨᠴᠠᠭᠠᠶᠢᠯᠠᠨ ᠬᠠᠯᠠᠭᠤᠨ ᠣᠰᠣᠨ ᠳᠤ ᠪᠡᠶ᠎ᠡ ᠪᠠᠨ ᠣᠬᠢᠶᠠᠭᠰᠠᠨ ᠤ ᠲᠠᠷᠠᠭ᠎ᠠ᠂ ᠠᠷᠠᠰᠣᠨ ᠤ ᠲᠣᠯᠠᠭᠠᠨ ᠤ | ᠬᠡᠮᠵᠢᠶ᠎ᠠ ᠦᠨᠳᠦᠷᠰᠢᠵᠦ᠂ ᠲᠦᠷᠬᠡᠨ ᠠᠭᠤᠷᠰᠢᠳᠠᠭ ᠪᠣᠯᠬᠤᠷ ᠠᠷᠠᠰᠣᠨ ᠤ ᠦᠩᠬᠡᠨ ᠲᠠᠪᠬᠤᠷᠭ᠎ᠠ ᠳᠠᠬᠢ | ᠣᠰᠣ ᠦᠬᠡᠢ ᠪᠣᠯᠵᠦ᠂ ᠠᠷᠠᠰᠣ ᠬᠠᠭᠤᠷᠠᠶᠢᠰᠢᠳᠠᠭ᠃ ᠡᠶᠢᠮᠦ ᠠᠴᠠ ᠪᠡᠶ᠎ᠡ ᠬᠠᠳᠠᠬᠤ ᠠᠴᠠ ᠡᠮᠦᠨ᠎ᠡ ᠠᠷᠠᠰᠣ | ᠰᠢᠮᠡᠵᠢᠬᠦᠯᠬᠦ ᠲᠣᠰᠣ ᠲᠦᠷᠬᠢᠪᠡᠯ ᠠᠷᠠᠰᠣᠨ ᠤ ᠲᠠᠪᠬᠤᠷᠭ᠎ᠠ ᠶᠢᠨ ᠣᠰᠣ ᠶᠢ ᠬᠠᠮᠠᠭᠠᠯᠠᠵᠦ ᠴᠢᠳᠠᠬᠤ ᠪᠠᠷ ᠦᠯᠦ ᠪᠠᠷᠠᠮ | ᠠᠷᠠᠰᠣ ᠶᠢ ᠬᠠᠮᠠᠭᠠᠯᠠᠵᠦ ᠴᠢᠳᠠᠨ᠎ᠠ᠃ | | |