ᠦᠪ ᠰᠤᠶᠤᠯ ᠢᠶᠠᠨ ᠠᠪᠤᠷᠠᠨ ᠤᠯᠠᠮᠵᠢᠯᠠᠬᠤ ᠦᠢᠯᠡᠰ ᠲᠤ  ᠤᠬᠠᠭᠠᠨ ᠲᠠᠮᠢᠷ ᠢᠶᠠᠨ ᠰᠢᠪᠬᠠᠭᠰᠠᠨ ︽ᠬᠠᠷᠠᠴᠢᠨ ᠰᠢᠶᠠᠨᠱ᠊
ᠨᠡᠶᠢᠲᠡᠯᠡᠭᠰᠡᠨ ᠴᠠᠭ᠄
2021/9/15
 ᠦᠪ ᠰᠤᠶᠤᠯ ᠢᠶᠠᠨ ᠠᠪᠤᠷᠠᠨ ᠤᠯᠠᠮᠵᠢᠯᠠᠬᠤ ᠦᠢᠯᠡᠰ ᠲᠤ    ᠤᠬᠠᠭᠠᠨ ᠲᠠᠮᠢᠷ ᠢᠶᠠᠨ ᠰᠢᠪᠬᠠᠭᠰᠠᠨ ︽ᠬᠠᠷᠠᠴᠢᠨ ᠰᠢᠶᠠᠨᠱᠧᠩ︾    — ᠨᠢᠩᠴᠧᠩ ᠰᠢᠶᠠᠨ ᠤ ᠦᠨᠳᠦᠰᠦᠳᠡᠨ ᠤ ᠬᠡᠷᠡᠭ ᠡᠷᠬᠢᠯᠡᠬᠦ    ᠵᠦᠪᠯᠡᠯ ᠤᠨ ᠠᠵᠢᠯᠳᠠᠨ ᠶᠢᠨ ᠲᠠᠩ ᠢ ᠰᠤᠷᠪᠤᠯᠵᠢᠯᠠᠭᠰᠠᠨ ᠨᠢ    ᠰᠤᠷᠪᠤᠯᠵᠢᠯᠠᠭᠴᠢ ᠨᠤᠭᠤᠨᠪᠢᠯᠢᠭ᠌     ᠨᠢᠩᠴᠧᠩ ᠰᠢᠶᠠᠨ ᠤ ᠰᠤᠶᠤᠯ ᠲᠡᠤᠬᠡ ᠶᠢᠨ ᠮᠠᠲ᠋ᠧᠷᠢᠶᠠᠯ ᠵᠢᠴᠢ ᠵᠦ ᠵᠦ ᠴᠠ ᠲᠡᠯᠡᠳᠦᠬᠦᠷ ᠬᠦᠭᠵᠢᠮ᠂ ᠪᠤᠳᠠᠰ ᠤᠨ ᠪᠤᠰᠤ ᠰᠤᠶᠤᠯ ᠤᠨ ᠦᠪ ᠤᠨ ᠵᠦᠢᠯᠡᠰ ᠢ ᠡᠮᠬᠢᠳᠬᠡᠨ ᠴᠤᠭᠯᠠᠭᠤᠯᠵᠦ ᠤᠯᠠᠮᠵᠢᠯᠠᠨ ᠵᠠᠯᠭᠠᠮᠵᠢᠯᠠᠬᠤ ᠳᠤ ᠬᠤᠪᠢ ᠵᠢᠳᠬᠦᠯ ᠢᠶᠠᠨ ᠡᠷᠬᠦᠵᠦ ᠶᠠᠪᠤᠭ᠎ᠠ ᠶᠢᠨ ᠨᠢᠬᠡ ᠨᠢ ᠶᠢᠨ ᠲᠠᠩ ᠪᠤᠯᠤᠨ᠎ᠠ᠃ ᠲᠡᠷᠡ ᠪᠠᠷ ᠨᠢᠩᠴᠧᠩ ᠢᠶᠠᠷ ᠭᠤᠤᠯᠯᠠᠭᠰᠠᠨ ᠬᠠᠷᠠᠴᠢᠨ ᠨᠤᠳᠤᠭ ᠤᠨ ᠲᠡᠤᠬᠡ ᠰᠤᠶᠤᠯ ᠤᠨ ᠬᠤᠪᠢᠰᠤᠯᠳᠡ ᠶᠢᠨ ᠲᠤᠬᠠᠢ ᠨᠠᠷᠢᠨ ᠨᠢᠮᠪᠠᠢ ᠲᠡᠮᠳᠡᠭᠯᠡᠵᠦ᠂ ᠠᠪᠤᠷᠠᠨ ᠬᠠᠮᠠᠭᠠᠯᠠᠬᠤ ᠶᠢ ᠵᠤᠷᠢᠵᠦ ᠶᠠᠪᠤᠭᠰᠠᠨ ᠲᠤᠯᠠ ᠬᠠᠷᠠᠴᠢᠨ ᠨᠢᠩᠴᠧᠩ ᠤᠨ ᠲᠡᠤᠬᠡ ᠶᠢ ᠦᠬᠦᠯᠡᠭᠴᠢ ︽ᠠᠮᠢᠳᠤ ᠲᠤᠯᠢ︾ ᠬᠡᠮᠡᠨ ᠶᠠᠷᠢᠬᠤ ᠳᠤ ᠠᠬᠠᠳᠠᠮᠠᠷ ᠦᠬᠡᠢ ᠶᠤᠮ᠃     ᠶᠢᠨ ᠲᠠᠩ ᠤᠨ ᠪᠢᠴᠢᠭ ᠤᠨ ᠨᠡᠷ᠎ᠡ ᠨᠢ ᠬᠠᠷᠠᠴᠢᠨᠬᠦᠦ ᠬᠡᠳᠡᠭ᠂ ᠨᠢᠩᠴᠧᠩ ᠰᠢᠶᠠᠨ ᠤ ᠷᠠᠰᠢᠶᠠᠨ ᠪᠠᠯᠭᠠᠰᠤ ᠳᠤ ᠲᠦᠷᠦᠵᠦ ᠦᠰᠴᠠᠢ᠃ ᠥᠪᠡᠷᠲᠡᠭᠡᠨ ᠵᠠᠰᠠᠬᠤ ᠣᠷᠣᠨ ᠤ ᠲᠠᠰ ᠤᠨ ᠵᠦ ᠵᠦ ᠴᠠ ᠶᠢᠨ ᠪᠣᠳᠠᠰ ᠤᠨ ᠪᠤᠰᠤ ᠰᠣᠶᠣᠯ ᠤᠨ ᠥᠪ ᠤᠨ ᠦᠪᠯᠡᠨ ᠤᠯᠠᠮᠵᠢᠯᠠᠭᠴᠢ᠂ ᠨᠢᠩᠴᠧᠩ ᠰᠢᠶᠠᠨ ᠤ ᠳᠣᠯᠣᠳᠤᠭᠠᠷ᠂ ᠨᠠᠢᠮᠠᠳᠤᠭᠠᠷ᠂ ᠶᠢᠰᠦᠳᠦᠭᠡᠷ ᠬᠤᠭᠤᠴᠠᠭᠠᠨ ᠤ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂ ᠨᠢᠩᠴᠧᠩ ᠰᠢᠶᠠᠨ ᠤ ᠦᠨᠳᠦᠰᠦᠲᠡᠨ ᠤ ᠵᠠᠩ ᠦᠢᠯᠡ ᠶᠢᠨ ᠰᠤᠳᠤᠯᠭᠠᠨ ᠤ ᠨᠡᠶᠢᠭᠡᠮᠯᠢᠭ ᠤᠨ ᠳᠡᠳ᠋ ᠲᠡᠷᠢᠭᠦᠯᠡᠭᠴᠢ᠂ ᠨᠠᠷᠢᠨ ᠪᠢᠴᠢᠭ ᠤᠨ ᠳᠠᠷᠤᠭ᠎ᠠ ᠵᠡᠷᠬᠡ ᠨᠡᠶᠢᠬᠡᠮ ᠤᠨ ᠡᠬᠦᠷᠬᠡ ᠲᠤᠰᠢᠶᠠᠯ ᠢ ᠬᠠᠷᠢᠭᠤᠴᠠᠵᠤ ᠪᠤᠢ᠃ ︽ᠨᠢᠩᠴᠧᠩ ᠤᠨ ᠰᠣᠶᠣᠯ ᠲᠡᠦᠬᠡ ᠶᠢᠨ ᠮᠠᠲ᠋ᠧᠷᠢᠶᠠᠯ︾᠂ ︽ᠨᠢᠩᠴᠧᠩ ᠤᠨ ᠰᠣᠶᠣᠯ ᠲᠡᠦᠬᠡ ᠶᠢᠨ ᠰᠤᠳᠤᠯᠤᠯ︾ ᠵᠡᠷᠭᠡ ᠣᠯᠠᠨ ᠥᠭᠦᠯᠡᠯ ᠪᠠ ᠣᠷᠣᠨ ᠨᠤᠲᠤᠭ ᠤᠨ ᠣᠶᠢᠯᠠᠯᠭ᠎ᠠ ᠶᠢᠨ ᠮᠠᠲ᠋ᠧᠷᠢᠶᠠᠯ ᠢᠶᠠᠨ ᠬᠤᠲᠠ ᠰᠢᠶᠠᠨ ᠤ ᠨᠣᠮ ᠰᠡᠳᠬᠦᠯ ᠳᠡᠭᠡᠷ᠎ᠡ ᠨᠡᠶᠢᠲᠡᠯᠡᠬᠦᠯᠵᠦ᠂ 1995 ᠣᠨ ᠠᠴᠠ ᠣᠳᠣ ᠪᠣᠯᠲᠠᠯ᠎ᠠ ︽ᠨᠢᠩᠴᠧᠩ ᠤᠨ ᠰᠣᠶᠣᠯ ᠲᠡᠦᠬᠡ ᠶᠢᠨ ᠮᠠᠲ᠋ᠧᠷᠢᠶᠠᠯ︾ ᠤᠨ ᠳᠥᠷᠪᠡᠳᠦᠭᠡᠷ ᠡᠮᠬᠢᠳᠬᠡᠯ ᠠᠴᠠ ᠠᠷᠪᠠᠳᠤᠭᠠᠷ ᠡᠮᠬᠢᠳᠬᠡᠯ ᠳᠤ ᠰᠣᠶᠣᠯ ᠲᠡᠦᠬᠡ᠂ ᠤᠢᠢᠯᠠᠯᠭ᠎ᠠ ᠶᠢᠨ ᠮᠠᠲ᠋ᠧᠷᠢᠶᠠᠯ᠂ ᠪᠠᠶᠢᠴᠠᠭᠠᠨ ᠰᠤᠳᠤᠯᠤᠯᠲᠠ ᠶᠢᠨ ᠥᠭᠦᠯᠡᠯ ᠢ 60 ᠭᠠᠷᠤᠶ ᠬᠤᠪᠢ ᠨᠡᠶᠢᠲᠡᠯᠡᠭᠦᠯᠵᠦ ᠦᠩᠬᠡᠷᠡᠵᠠᠢ᠃    2014 ᠣᠨ ᠳᠤ᠂ ᠤᠯᠤᠰ ᠤᠨ ᠳᠣᠲᠣᠭᠠᠳᠤ ᠶᠢᠨ ᠠᠩᠬᠠᠳᠠᠭᠴᠢ ᠵᠦ ᠵᠦ ᠴᠠ ᠶᠢᠨ ᠪᠣᠳᠠᠰ ᠤᠨ ᠪᠤᠰᠤ ᠰᠣᠶᠣᠯ ᠤᠨ ᠥᠪ ᠤᠨ ᠲᠤᠰᠬᠠᠢ ᠡᠮᠬᠢᠳᠬᠡᠯ ᠪᠤᠯᠬᠤ ︽ᠨᠢᠩᠴᠧᠩ ᠤᠨ ᠵᠦ ᠵᠦ ᠴᠠ ᠲᠡᠯᠡᠳᠦᠬᠦᠷ ᠬᠥᠭᠵᠢᠮ ᠤᠨ ᠨᠣᠲ ᠤᠨ ᠡᠮᠬᠢᠳᠬᠡᠯ︾ ︵ᠮᠣᠩᠭᠤᠯ ᠬᠢᠲᠠᠳ ᠨᠡᠶᠢᠯᠡᠮᠡᠯ ᠬᠡᠪᠯᠡᠯ᠂ 40 ᠲᠦᠮᠡᠨ ᠦᠰᠦᠭ︶ ᠢ ᠬᠡᠪᠯᠡᠨ ᠲᠠᠷᠬᠠᠭᠠᠵᠤ ᠂ 2016 ᠣᠨ ᠳᠤ ᠪᠤᠰᠤᠳ ᠲᠠᠢ ᠬᠠᠮᠲᠤᠷᠠᠨ ︽ᠨᠢᠩᠴᠧᠩ ᠤᠨ ᠮᠣᠩᠭᠤᠯ ᠭᠠᠵᠠᠷ ᠤᠨ ᠨᠡᠷᠡᠰ ᠤᠨ ᠲᠡᠮᠳᠡᠭᠯᠡᠯ︾ ︵ᠮᠣᠩᠭᠤᠯ ᠬᠢᠲᠠᠳ ᠨᠡᠶᠢᠯᠡᠮᠡᠯ ᠬᠡᠪᠯᠡᠯ᠂ 50 ᠲᠦᠮᠡᠨ ᠦᠰᠦᠭ︶ ᠢ ᠬᠡᠪᠯᠡᠬᠦᠯᠦᠨ ᠲᠠᠷᠬᠠᠭᠠᠵᠦ᠂ ᠤᠳᠤ ︽ᠨᠢᠩᠴᠧᠩ ᠤᠨ ᠰᠣᠶᠣᠯ ᠲᠡᠦᠬᠡ ᠶᠢᠨ ᠦᠯᠡᠳᠡᠭᠳᠡᠯ︾ ᠬᠡᠬᠦ 45 ᠲᠦᠮᠡᠨ ᠦᠰᠦᠭ ᠲᠠᠢ ᠪᠦᠳᠦᠬᠡᠯ ᠢᠶᠠᠨ ᠲᠤᠭᠤᠷᠪᠢᠵᠦ ᠲᠠᠭᠤᠰᠬᠠᠨ ᠬᠡᠪᠯᠡᠬᠦᠯᠬᠦ ᠪᠠᠷ ᠪᠤᠢ᠃ ᠡᠬᠦᠨ ᠢᠶᠠᠷ ᠪᠠᠷᠠᠬᠤ ᠦᠬᠡᠢ 20 ᠲᠦᠮᠡᠨ ᠦᠰᠦᠭ ᠲᠠᠢ ︽ᠡᠷᠳᠡᠨᠢᠳᠡᠬᠦᠰ ᠤᠨ ᠰᠢᠯᠦᠭ ᠤᠨ ᠲᠡᠭᠦᠪᠦᠷᠢ︾᠂ 30 ᠲᠦᠮᠡᠨ ᠦᠰᠦᠭ ᠪᠦᠬᠦᠢ ︽ᠴᠢᠩ ᠤᠯᠤᠰ ᠤᠨ ᠦᠶ᠎ᠡ ᠶᠢᠨ ᠬᠠᠷᠠᠴᠢᠨ ᠳᠤᠮᠳᠠᠳᠤ ᠬᠤᠰᠢᠭᠤᠨ ᠤ ᠰᠦᠮ᠎ᠡ ᠬᠡᠶᠢᠳ ︵ᠮᠣᠩᠭᠤᠯ ᠬᠢᠲᠠᠳ ᠨᠡᠶᠢᠯᠡᠮᠡᠯ ᠬᠡᠪᠯᠡᠯ︶᠂ ︽ᠨᠢᠩᠴᠧᠩ ᠤᠨ ᠮᠣᠩᠭᠤᠯ ᠦᠨᠳᠦᠰᠦᠲᠡᠨ ᠤ ᠠᠷᠠᠳ ᠤᠨ ᠳᠠᠭᠤᠤ︾ ᠵᠡᠷᠭᠡ ᠶᠢ ᠪᠢᠴᠢᠵᠦ ᠨᠠᠶᠢᠷᠠᠭᠤᠯᠤᠨ ᠬᠡᠪᠯᠡᠭᠦᠯᠬᠦ ᠪᠠᠷ ᠪᠤᠢ᠃    ᠵᠦ ᠵᠦ ᠴᠠ ᠲᠡᠯᠡᠳᠦᠬᠦᠷ ᠬᠦᠭᠵᠢᠮ ᠪᠤᠯ ᠨᠢᠩᠴᠧᠩ ᠰᠢᠶᠠᠨ ᠳᠤ ᠯᠡ ᠪᠠᠶᠢᠳᠠᠭ ᠤᠨᠴᠠᠭᠠᠢ ᠰᠤᠶᠤᠯ ᠤᠷᠠᠯᠢᠭ᠃ ᠶᠢᠨ ᠲᠠᠩ 9 ᠨᠠᠰᠤᠨ ᠠᠴᠠ ᠪᠠᠨ ᠡᠬᠢᠯᠡᠨ ᠯᠠᠮᠠ ᠡᠪᠦᠭᠡ ︵ᠷᠠᠰᠢᠰᠠᠩᠪᠤ᠂ ᠤᠤᠯ ᠨᠢ ᠮᠠᠷᠠᠳᠤ ᠶᠢᠨ ᠦᠯᠵᠡᠶᠢᠳᠤ ᠨᠤᠮ ᠤᠨ ᠬᠦᠷᠳᠦᠳᠦ ᠰᠥᠮ᠎ᠠ ᠳᠤ ᠯᠠᠮᠠ ᠪᠤᠯᠵᠦ᠂ ᠰᠦᠮ᠎ᠠ ᠶᠢᠨ ᠤᠩᠰᠠᠤᠨ ᠪᠠᠶᠢᠪᠠ︶ ᠪᠠᠨ ᠳᠠᠭᠠᠵᠦ ︽ᠵᠦ ᠵᠦ ᠴᠠ ᠳᠡᠯᠡᠳᠦᠬᠦᠷ ᠬᠦᠭᠵᠢᠮ︾ ᠢ ᠰᠤᠷᠴᠤ᠂ ᠠᠷᠪᠠᠭᠠᠳ ᠨᠠᠰᠤᠨ ᠠᠴᠠ ᠪᠠᠨ ᠠᠪᠤ ᠪᠠ ᠠᠶᠢᠯ ᠤᠨ ᠠᠬᠠᠰ ᠵᠠᠬᠠᠰ ᠢᠶᠠᠨ ᠳᠠᠭᠠᠵᠦ᠂ ︽ᠮᠦᠩᠬᠡ ᠤᠰᠤ︾᠂ ︽ᠲᠦᠷᠴᠢᠬᠢᠨᠡᠮᠡᠯ ᠨᠤᠲ︾᠂ ︽ᠨᠠᠶᠢᠷᠠᠮᠳᠠᠭᠤ ᠨᠤᠲ︾᠂ ︽ᠵᠠᠮ ᠳᠠᠬᠢᠬᠤ ᠳ᠋ᠧᠩ︾᠂ ︽ᠨᠠᠢᠮᠠᠨ ᠴᠤᠬᠢᠯᠳᠠ︾ ᠵᠡᠷᠬᠡ ᠬᠡᠩᠬᠡᠷᠬᠡ ᠴᠠᠩ ᠤᠨ ᠳᠡᠯᠡᠳᠦᠬᠦᠷ ᠬᠦᠭᠵᠢᠮ ᠢ ᠰᠤᠷᠴᠠᠢ᠃ ᠶᠢᠨ ᠳᠠᠩ ᠭᠤᠸᠠᠢ ᠤᠢᠢᠷ᠎ᠠ ᠶᠢᠨ ᠠᠷᠪᠠᠭᠠᠳ ᠵᠢᠯ ᠤᠨ ᠳᠤᠷᠰᠢ ᠵᠦ ᠵᠦ ᠴᠠ ᠳᠡᠯᠡᠳᠦᠬᠦᠷ ᠬᠦᠭᠵᠢᠮ ᠤᠨ ᠦᠯᠡᠳᠡᠭᠳᠡᠨ ᠬᠠᠳᠠᠭᠠᠯᠠᠭᠳᠠᠭᠰᠠᠨ ᠨᠤᠲ ᠢ ᠬᠤᠷᠢᠶᠠᠨ ᠴᠤᠭᠯᠠᠭᠤᠯᠵᠦ᠂ ︽ᠨᠢᠩᠴᠧᠩ ᠤᠨ ᠵᠦ ᠵᠦ ᠴᠠ ᠬᠡᠩᠬᠡᠷᠬᠡᠨ ᠨᠤᠲ ᠤᠨ ᠡᠮᠬᠢᠳᠬᠡᠯ︾ ᠬᠡᠬᠦ ᠲᠤᠮᠤᠬᠠᠨ ᠪᠦᠳᠦᠬᠡᠯ ᠢᠶᠠᠨ ᠨᠠᠶᠢᠷᠠᠭᠤᠯᠤᠨ ᠬᠡᠪᠯᠡᠬᠦᠯᠵᠦ᠂ ᠲᠡᠤᠬᠡ ᠶᠢᠨ ᠬᠠᠭᠤᠳᠠᠰᠤᠨ᠎ᠠ ᠦᠯᠡᠳᠡᠭᠡᠭᠰᠡᠨ ᠪᠠᠶᠢᠨ᠎ᠠ᠃    ᠨᠢᠩᠴᠧᠩ ᠰᠢᠶᠠᠨ ᠳᠤ ᠶᠢᠨ ᠲᠠᠩ ᠪᠠᠭᠰᠢ ᠶᠢᠨ ᠳᠠᠭᠠᠭᠤᠯᠤᠭᠰᠠᠨ ᠵᠦ ᠵᠦ ᠴᠠ ᠲᠡᠯᠡᠳᠦᠬᠦᠷ ᠬᠦᠭᠵᠢᠮ ᠤᠨ ᠪᠦᠯᠬᠦᠮ ᠲᠠᠢ᠃ ᠤᠢᠢᠷ᠎ᠠ ᠶᠢᠨ ᠵᠢᠯ ᠠᠴᠠ ᠲᠡᠷᠡ ᠪᠦᠯᠬᠦᠮ ᠢᠶᠠᠨ ᠲᠠᠭᠠᠭᠤᠯᠤᠨ ︽ᠥᠪᠥᠷ ᠮᠣᠩᠭᠤᠯ ᠾᠧᠪᠧᠶ ᠯᠢᠶᠣᠤᠨᠢᠩ ᠭᠤᠷᠪᠠᠨ ᠮᠤᠵᠢ ᠣᠷᠣᠨ ᠤ ᠵᠦ ᠵᠦ ᠴᠠ ᠦᠵᠡᠭᠦᠯᠭᠡ ᠶᠢᠨ ᠲᠣᠭᠯᠠᠯᠲᠠ︾ ᠳᠤ ᠤᠷᠤᠯᠴᠠᠨ ᠰᠢᠯᠢᠳᠡᠭ ᠲᠣᠭᠯᠠᠯᠲᠠ ᠶᠢᠨ ᠱᠠᠩᠨᠠᠯ ᠬᠦᠷᠳᠡᠵᠦ᠂ ᠮᠦᠨ ︽ᠨᠢᠩᠴᠧᠩ ᠰᠢᠶᠠᠨ ᠤ ᠵᠦ ᠵᠦ ᠴᠠ ᠳᠡᠯᠡᠳᠦᠬᠦᠷ ᠬᠥᠭᠵᠢᠮ ᠤᠨ ᠤᠷᠤᠯᠳᠤᠭᠠᠨ︾ ᠤ ᠨᠢᠭᠡᠳᠦᠭᠡᠷ ᠳᠡᠰ ᠤᠨ ᠱᠠᠩᠨᠠᠯ ᠭᠥᠷᠳᠡᠵᠦ ᠦᠩᠬᠡᠷᠡᠵᠠᠢ᠃ 2018 ᠤᠨ᠂ 2019 ᠣᠨ ᠳᠤ ᠬᠤᠶᠠᠷ ᠵᠢᠯ ᠳᠠᠷᠠᠭᠠᠯᠠᠨ ᠪᠦᠯᠬᠦᠮ ᠢᠶᠠᠨ ᠳᠠᠭᠠᠭᠤᠯᠤᠨ ︽ᠳᠤᠮᠳᠠᠳᠤ ᠤᠯᠤᠰ ᠤᠨ ᠪᠡᠭᠡᠵᠢᠩ ᠳᠠᠬᠢ 38᠂ 39 ᠳ᠋ᠦ᠋ᠬᠡᠷ ᠬᠤᠭᠤᠴᠠᠭᠠᠨ ᠤ ᠨᠠᠭᠠᠳᠤᠮ︾ ᠤᠨ ᠶᠡᠭᠡ ᠬᠤᠷᠠᠯ ᠳᠤ ᠣᠷᠣᠯᠴᠠᠵᠦ᠂ ᠬᠤᠰᠢᠭᠤ ᠨᠤᠳᠤᠭ ᠤᠨ ᠢᠶᠠᠨ ᠠᠯᠳᠠᠷ ᠢ ᠡᠷᠬᠦᠵᠦ ᠶᠠᠪᠤᠭᠰᠠᠨ ᠢᠶᠠᠷ ᠦᠯᠦ ᠪᠠᠷᠠᠮ 2020 ᠣᠨ ᠳᠤ᠂ ︽ᠳᠤᠮᠳᠠᠳᠤ ᠤᠯᠤᠰ ᠤᠨ ᠵᠦ ᠵᠦ ᠴᠠ ᠶᠢᠨ ᠨᠤᠲᠤᠭ︾ ᠬᠡᠬᠦ 2020 ᠬᠥᠮᠦᠨ ᠤ ᠵᠦ ᠵᠦ ᠴᠠ ᠲᠡᠯᠡᠳᠦᠬᠦᠷ ᠬᠦᠭᠵᠢᠮ ᠤᠨ ᠭᠢᠨᠢᠰ ᠤᠨ ᠲᠡᠮᠳᠡᠭᠯᠡᠯ ᠡᠬᠦᠳᠬᠦ ᠠᠵᠢᠯᠯᠠᠭ᠎ᠠ ᠶᠢ ᠢᠳᠡᠪᠬᠢᠲᠡᠶ ᠪᠠᠷ ᠰᠡᠳᠦᠨ ᠤᠬᠠᠭᠠᠯᠠᠭᠰᠠᠨ ᠪᠠᠶᠢᠨ᠎ᠠ᠃    ᠤᠳᠤᠬᠠᠨ ᠳᠤ ᠶᠢᠨ ᠲᠠᠩ ᠭᠤᠸᠠᠢ ᠵᠦ ᠵᠦ ᠴᠠ ᠪᠠᠷ ᠭᠤᠤᠯᠯᠠᠭᠤᠯᠤᠭᠰᠠᠨ ᠤᠯᠠᠨ ᠲᠦᠮᠡᠨᠴᠢ ᠴᠢᠨᠠᠷ ᠲᠠᠢ ᠰᠣᠶᠣᠯ ᠲᠠᠮᠢᠷ ᠤᠨ ᠠᠵᠢᠯᠯᠠᠭ᠎ᠠ ᠶᠢ ᠢᠳᠡᠪᠬᠢᠳᠠᠢ ᠲᠠᠶᠢᠴᠢᠯᠠᠨ ᠦᠷᠨᠢᠬᠦᠯᠵᠦ᠂ ᠪᠣᠳᠠᠰ ᠤᠨ ᠪᠤᠰᠤ ᠰᠣᠶᠣᠯ ᠤᠨ ᠥᠪ ᠢ ᠨᠡᠩ ᠰᠠᠶᠢᠲᠤᠷ ᠤᠯᠠᠮᠵᠢᠯᠠᠨ ᠬᠥᠭᠵᠢᠭᠦᠯᠵᠦ᠂ ᠬᠤᠰᠢᠭᠤ ᠨᠤᠳᠤᠭ ᠤᠨ ᠢᠶᠠᠨ ᠰᠣᠶᠣᠯ ᠲᠡᠦᠬᠡ ᠶᠢᠨ ᠮᠠᠲ᠋ᠧᠷᠢᠶᠠᠯ ᠢ ᠡᠮᠬᠢᠳᠬᠡᠨ ᠴᠤᠭᠯᠠᠭᠤᠯᠵᠦ᠂ ᠣᠶᠢᠯᠠᠯᠭ᠎ᠠ ᠲᠤᠪᠴᠢᠶᠠᠨ ᠪᠢᠴᠢᠵᠦ ᠨᠠᠶᠢᠷᠠᠭᠤᠯᠬᠤ ᠠᠵᠢᠯ ᠵᠢᠴᠢ ᠪᠣᠳᠠᠰ ᠤᠨ ᠪᠤᠰᠤ ᠰᠣᠶᠣᠯ ᠤᠨ ᠥᠪ ᠢ ᠤᠯᠠᠮᠵᠢᠯᠠᠨ ᠬᠦᠭᠵᠢᠬᠦᠯᠬᠦ ᠦᠢᠯᠡᠰ ᠲᠤ ᠦᠪᠡᠷ ᠤᠨ ᠬᠡᠰᠡᠨ ᠬᠤᠪᠢ ᠨᠡᠮᠡᠷᠢ ᠪᠠᠨ ᠦᠵᠡᠭᠦᠯᠵᠦ᠂ ᠵᠦ ᠵᠦ ᠴᠠ ᠳᠡᠯᠡᠳᠦᠬᠦᠷ ᠬᠦᠭᠵᠢᠮ ᠢ ᠤᠯᠠᠮᠵᠢᠯᠠᠨ ᠬᠦᠭᠵᠢᠬᠦᠯᠬᠦ ᠶᠢᠨ ᠲᠦᠯᠦᠬᠡ ᠵᠢᠳᠬᠦᠭᠰᠡᠬᠡᠷ ᠁
 
ᠢᠷᠡᠯᠲᠡ᠄ ᠤᠯᠠᠭᠠᠨᠬᠠᠲᠠ ᠰᠥᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号