| 1. ᠳᠣᠷᠠᠳᠠᠢ ᠵᠣᠶᠢᠯ ᠠᠴᠠ ᠪᠠᠨ ᠭᠠᠷᠳᠠᠨ᠎ᠠ᠃ ᠪᠡᠶ᠎ᠡ ᠪᠠᠨ ᠪᠠᠷᠢᠬᠤ ᠰᠠᠶᠢᠨ ᠳᠠᠳᠬᠠᠯ ᠲᠠᠢ | ᠪᠣᠯᠣᠶ᠎ᠠ ᠭᠡᠪᠡᠯ᠂ ᠥᠪᠡᠷ ᠤᠨ ᠳᠤᠷᠠᠲᠠᠢ ᠵᠦᠢᠯ ᠠᠴᠠ ᠪᠠᠨ ᠭᠠᠷᠳᠠᠵᠤ ᠬᠢᠬᠦ ᠬᠡᠷᠡᠭᠲᠡᠢ᠃ ᠨᠣᠮ ᠳᠤ ᠳᠤᠷᠠᠲᠠᠢ | ᠬᠥᠮᠥᠨ ᠡᠷᠲᠡ ᠪᠣᠰᠣᠭᠠᠳ ᠥᠷᠯᠥᠭᠡ ᠨᠢᠭᠡ ᠴᠠᠭ ᠨᠤᠮ ᠤᠩᠰᠢᠬᠤ ᠨᠢ ᠡᠩ ᠤᠨ ᠯᠠ ᠶᠠᠪᠤᠳᠠᠯ︔ ᠳᠠᠮᠢᠷ | ᠰᠫᠤᠷᠲ ᠳᠤ ᠳᠤᠷᠠᠲᠠᠢ ᠬᠥᠮᠥᠨ ᠬᠦᠶᠦᠵᠦ ᠪᠠᠶᠢᠭᠠᠳ ᠬᠥᠯᠥᠰᠦ ᠠᠰᠬᠠᠷᠠᠭᠤᠯᠬᠤ ᠳᠤ ᠦᠪᠡᠷ ᠲᠤᠨᠢ ᠵᠢᠷᠭᠠᠯ ᠲᠠᠢ | ᠮᠡᠳᠡᠷᠡᠮᠵᠢ ᠥᠭᠬᠦᠨ᠎ᠡ᠃ ᠡᠶᠢᠮᠦ ᠠᠴᠠ ᠪᠡᠶ᠎ᠡ ᠳᠡᠭᠡᠨ ᠲᠣᠬᠢᠷᠠᠬᠤ ᠦᠭᠡᠢ ᠵᠣᠶᠢᠯ ᠢ ᠠᠯᠪᠠ ᠪᠠᠷ ᠬᠢᠬᠦ ᠶᠢᠨ | ᠣᠷᠣᠨ ᠳᠤ ᠬᠠᠷᠢᠨ ᠳᠣᠷᠠᠳᠠᠢ ᠵᠦᠢᠯ ᠢᠶᠠᠨ ᠣᠯᠵᠤ ᠠᠪᠤᠭᠠᠳ᠂ ᠪᠠᠷᠢᠮᠳᠠᠯᠠᠵᠦ ᠶᠠᠪᠤᠬᠤ ᠨᠢ ᠴᠢᠬᠤᠯᠠ᠃ | 2. ᠨᠠᠷᠢᠨ ᠨᠢᠮᠪᠠᠢ ᠬᠠᠷᠠᠯᠲᠠ ᠲᠠᠢ ᠪᠠᠶᠢᠬᠤ᠃ ᠡᠷᠲᠡ ᠤᠨᠲᠠᠵᠤ ᠡᠷᠲᠡ ᠪᠤᠰᠬᠤ ᠪᠠᠷ | ᠵᠤᠷᠢᠭ ᠰᠢᠭᠤᠳᠣᠬᠰᠠᠨ ᠪᠠᠶᠢᠳᠠᠯ᠎ᠠ ᠪᠠᠨ ᠤᠲᠠᠰᠤ ᠪᠠᠨ ᠪᠠᠷᠢᠬᠰᠠᠭᠠᠷ ᠪᠠᠶᠢᠭᠠᠳ ᠰᠦᠨᠢ ᠶᠢᠨ ᠬᠤᠶᠠᠷ ᠴᠠᠭ | ᠪᠤᠯᠭᠠᠴᠢᠬᠠᠨ᠎ᠠ︔ ᠬᠡᠳᠦᠨ ᠨᠣᠮ ᠤᠩᠰᠢᠬᠤ ᠰᠠᠨᠠᠭᠠᠳᠠᠢ ᠪᠠᠶᠢᠬᠰᠠᠨ ᠴᠦ ᠺᠢᠨᠤ᠋ ᠵᠦᠴᠦᠭᠡ ᠬᠦᠭᠡᠭᠡᠭᠡᠳ | ᠶᠠᠪᠤᠴᠢᠬᠠᠨ᠎ᠠ᠁ ᠳᠡᠭᠦᠨ ᠤ ᠤᠴᠢᠷ ᠨᠢ ᠲᠠ ᠠᠮᠢᠳᠣᠷᠠᠯ ᠳᠠᠭᠠᠨ ᠪᠤᠳᠠᠳᠠᠢ ᠪᠠᠷ ᠨᠠᠷᠢᠨ ᠬᠠᠷᠠᠯᠲᠠ | ᠳᠣᠭᠳᠠᠭᠠᠭᠠ ᠦᠭᠡᠢ ᠳᠤ ᠪᠠᠶᠢᠨ᠎ᠠ᠃ ᠶᠡᠭᠡ ᠶᠢ ᠬᠢᠬᠦ ᠳᠤ ᠴᠦ ᠠᠳᠠᠯᠢᠬᠠᠨ ᠪᠠᠭ᠎ᠠ ᠪᠠᠭ᠎ᠠ ᠬᠠᠷᠠᠯᠲᠠ ᠪᠠᠨ | ᠨᠠᠷᠢᠨ ᠪᠣᠳᠠᠲᠠᠢ ᠳᠤᠭᠳᠠᠭᠠᠨ ᠭᠡᠷᠡᠭᠵᠢᠬᠦᠯᠵᠦ ᠴᠢᠳᠠᠪᠠᠯ᠂ ᠶᠠᠪᠤᠭᠠᠨ ᠳᠠᠭᠠᠨ ᠳᠦᠷᠢᠮᠵᠢᠬᠦ ᠪᠤᠯᠤᠨ᠎ᠠ᠃ | 3. ᠪᠣᠯᠣᠮᠵᠢ ᠦᠭᠡᠢ ᠬᠠᠷᠠᠯᠲᠠ ᠠᠴᠠ ᠲᠠᠲᠠᠭᠠᠯᠵᠠᠬᠤ᠃ ᠠᠮᠢᠳᠤᠷᠠᠯ ᠳᠤᠮᠳᠠ᠂ | ᠣᠯᠠᠨ ᠬᠦᠮᠦᠰ ᠤᠴᠢᠷ ᠶᠠᠪᠤᠳᠠᠯ ᠳᠤ ᠪᠠᠷᠰ ᠤᠨ ᠳᠣᠯᠣᠭᠠᠢ ᠪᠠᠷ ᠡᠬᠢᠯᠡᠬᠡᠳ᠂ ᠮᠤᠭᠠᠢ ᠶᠢᠨ ᠰᠡᠬᠦᠯ ᠢᠶᠠᠷ | ᠳᠠᠭᠤᠰᠬᠠᠳᠠᠭ᠃ ᠡᠨᠡ ᠨᠢ ᠪᠡᠶ᠎ᠡ ᠳᠡᠭᠡᠨ ᠬᠡᠳᠦᠷᠭᠡᠢ ᠦᠨᠳᠦᠷ ᠪᠠᠷᠢᠮᠵᠢᠶ᠎ᠠ ᠳᠠᠯᠪᠢᠬᠰᠠᠨ ᠠᠴᠠ ᠪᠣᠯᠤᠭᠰᠠᠨ ᠪᠠᠶᠢᠵᠤ | ᠮᠡᠳᠡᠨ᠎ᠡ᠃ ᠵᠠᠷᠢᠮ ᠬᠥᠮᠥᠨ ᠰᠠᠷ᠎ᠠ ᠳᠤ 20 ᠵᠢᠩ ᠰᠢᠭᠤᠷᠠᠬᠤ ᠱᠠᠭᠠᠷᠳᠠᠯᠭ᠎ᠠ ᠪᠡᠶᠡᠨ ᠳᠡᠭᠡᠨ ᠳᠠᠯᠪᠢᠳᠠᠭ ᠴᠦ ᠡᠨᠡ | ᠬᠡᠴᠡᠬᠦᠦ ᠬᠠᠷᠠᠯᠲᠠ ᠶᠢ ᠪᠡᠶᠡᠯᠡᠭᠦᠯᠬᠦ ᠠᠴᠠ ᠤᠷᠬᠢᠬᠤ ᠳᠤ ᠨᠡᠩ ᠠᠮᠠᠷᠬᠠᠨ ᠪᠠᠶᠢᠳᠠᠭ ᠶᠤᠮ᠃ ᠢᠩᠬᠢᠬᠦ ᠶᠢᠨ | ᠣᠷᠣᠨ ᠳᠤ ᠬᠠᠷᠢᠨ ᠡᠳᠦᠷ ᠪᠦᠷᠢ 20 ᠮᠢᠨᠦ᠋ᠲ ᠬᠦᠶᠦᠵᠦ ᠪᠠᠶᠢᠬᠤ ᠨᠢ ᠠᠮᠠᠷᠬᠠᠨ ᠪᠡᠶᠡᠯᠡᠭᠳᠡᠬᠦ ᠮᠦᠷᠳᠡᠬᠡᠨ ᠡᠨᠡ | ᠨᠢ ᠪᠠᠶᠢᠩᠭᠤ ᠪᠠᠷᠢᠮᠲᠠᠯᠠᠵᠤ ᠴᠢᠳᠠᠬᠤ ᠪᠠᠷᠢᠮᠵᠢᠶ᠎ᠠ ᠶᠤᠮ᠃ | 4. ᠲᠣᠭᠲᠠᠮᠠᠯ ᠬᠤᠭᠤᠴᠠᠭ᠎ᠠ ᠲᠠᠢ ᠳ᠋ᠦᠩᠨᠡᠯᠳᠡ ᠬᠢᠬᠦ᠃ ᠪᠡᠶᠡᠨ ᠳᠡᠭᠡᠨ | ᠪᠠᠶᠢᠩᠭᠤ ᠳ᠋ᠦᠩᠨᠡᠯᠳᠡ ᠬᠢᠵᠦ᠂ ᠣᠯᠵᠦ ᠠᠯᠳᠠᠬᠰᠠᠨ ᠢᠶᠠᠨ ᠳᠣᠩᠭᠠᠬᠤ ᠨᠢ ᠥᠪᠡᠷ ᠢ ᠪᠠᠨ ᠬᠦᠭᠵᠢᠬᠦᠯᠬᠦ ᠶᠢᠨ | ᠴᠢᠬᠤᠯᠠ ᠨᠢᠬᠡ ᠳᠠᠯ᠎ᠠ ᠮᠦᠨ᠃ | 5. ᠠᠮᠵᠢᠯᠳᠠ ᠳᠤ ᠬᠦᠷᠬᠦ ᠳᠤ ᠶᠠᠭᠠᠷᠠᠵᠤ ᠪᠣᠯᠬᠤ ᠦᠭᠡᠢ᠂ ᠬᠠᠷᠠᠭ᠎ᠠ ᠪᠠᠨ ᠬᠤᠯᠠ | ᠲᠠᠯᠪᠢᠬᠤ ᠬᠡᠷᠡᠭᠲᠡᠢ᠃ ᠵᠠᠷᠢᠮ ᠬᠥᠮᠥᠨ ᠮᠠᠰᠢ ᠶᠠᠭᠠᠷᠠᠮᠠᠲᠠᠭᠠᠢ ᠪᠠᠶᠢᠵᠤ᠂ ᠶᠡᠷᠦ ᠨᠢ ᠣᠬᠤᠷᠬᠠᠨ ᠬᠤᠭᠤᠴᠠᠭᠠᠨ ᠳᠤ | ᠮᠡᠳᠡᠭᠳᠡᠬᠦᠶᠢᠴᠡ ᠦᠷ᠎ᠡ ᠳ᠋ᠦᠩ ᠭᠠᠷᠭᠠᠬᠤ ᠶᠢ ᠪᠤᠳᠤᠳᠠᠭ᠃ ᠶᠡᠷᠦᠨᠢ ᠶᠠᠭᠤ ᠬᠢᠭᠰᠡᠨ ᠴᠦ ᠬᠦᠯᠢᠴᠡᠩᠬᠦᠢ᠂ | ᠳᠠᠭᠠᠭᠠᠴᠠᠳᠠᠢ ᠬᠠᠨᠳᠣᠵᠦ ᠰᠣᠷᠬᠤ ᠨᠢ ᠴᠢᠬᠤᠯᠠ ᠶᠤᠮ ᠡ᠃ |