ᠡᠶᠢᠮᠦ ᠢᠳᠡᠭᠡᠨ ᠬᠡᠦᠬᠡᠳ ᠤᠨ ᠬᠠᠷᠠᠭ᠎ᠠ ᠶᠢ ᠮᠠᠭᠤᠲᠠᠭᠤᠯᠤᠨ᠎ᠠ
ᠨᠡᠶᠢᠲᠡᠯᠡᠭᠰᠡᠨ ᠴᠠᠭ᠄
2022/12/7
           ᠣᠶᠢᠷ᠎ᠠ ᠬᠠᠷᠠᠭ᠎ᠠ ᠶᠢᠨ ᠲᠤᠬᠠᠢ ᠵᠠᠷᠢᠮ ᠭᠡᠷ ᠤᠨ ᠠᠬᠠᠮᠠᠳ ᠢᠳᠡᠭᠡᠨ ᠤᠮᠳᠠᠭᠠᠨ ᠨᠢ ᠨᠢᠳᠦᠨ ᠤ ᠬᠠᠷᠠᠭ᠎ᠠ ᠶᠢ  ᠨᠥᠯᠦᠭᠡᠯᠡᠨ᠎ᠡ ᠤᠤ ᠭᠡᠵᠣ ᠠᠰᠠᠭᠤᠳᠠᠭ᠃ ᠢᠳᠡᠭᠡᠨ ᠤᠮᠳᠠᠭᠠᠨ ᠨᠢ ᠨᠢᠳᠦᠨ ᠤ ᠬᠠᠷᠠᠭᠠᠨ ᠤ ᠡᠷᠡᠭᠦᠯ ᠮᠡᠨᠳᠦ ᠲᠠᠢ  ᠦᠨᠡᠭᠡᠷ ᠬᠤᠯᠪᠣᠭ᠎ᠠ ᠲᠠᠢ ᠪᠠᠶᠢᠳᠠᠭ᠃ ᠲᠡᠭᠡᠪᠡᠯ ᠢᠳᠡᠭᠡᠨ ᠤᠮᠳᠠᠭᠠᠨ ᠢ ᠲᠣᠬᠢᠷᠠᠮᠵᠢᠲᠠᠢ ᠲᠣᠬᠢᠷᠠᠭᠤᠯᠬᠤ ᠪᠠᠷ ᠳᠠᠮᠵᠢᠨ  ᠬᠡᠦᠬᠡᠳ ᠤᠨ ᠨᠢᠳᠦᠨ ᠤ ᠬᠠᠷᠠᠭ᠎ᠠ ᠶᠢ ᠰᠠᠶᠢᠵᠢᠷᠠᠭᠤᠯᠬᠤ ᠠᠷᠭ᠎ᠠ ᠪᠠᠶᠢᠨ᠎ᠠ ᠤᠤ︖ ᠲᠠ ᠪᠦᠬᠦᠨ ᠳᠤ ᠬᠡᠳᠦᠨ  ᠵᠦᠢᠯ ᠢ ᠲᠠᠨᠢᠯᠴᠠᠭᠤᠯᠤᠶ᠎ᠡ᠃       ᠭᠠᠷᠠᠭ ᠪᠣᠯᠭᠠᠨ 1 — 2 ᠤᠳᠠᠭ᠎ᠠ ᠠᠮᠢᠲᠠᠨ ᠤ ᠡᠯᠢᠭᠡ ᠢᠳᠡᠭᠦᠯᠵᠦ᠂ ᠬᠦᠨ ᠥᠩᠭᠡ ᠲᠠᠢ ᠨᠣᠭᠤᠭ᠎ᠠ  ᠵᠢᠮᠢᠰ ᠢᠯᠡᠭᠦᠦ ᠢᠳᠡᠭᠦᠯᠬᠦ ᠬᠡᠷᠡᠭᠲᠡᠢ᠃       ᠺᠠᠯᠽ᠂ ᠰᠧᠯᠧᠨ᠂ ᠴᠠᠶᠢᠷ᠂ ᠵᠡᠰ᠂ ᠨᠠᠪᠴᠢᠨ ᠤ ᠰᠢᠷ᠎ᠠ ᠡᠳ᠋᠂ ᠸᠢᠲ᠋ᠠᠮᠢᠨ A᠂ ᠸᠢᠲ᠋ᠠᠮᠢᠨ B1 ᠵᠡᠷᠭᠡ  ᠰᠢᠮ᠎ᠡ ᠲᠡᠵᠢᠭᠡᠯ ᠤᠨ ᠡᠳ᠋ ᠨᠢ ᠨᠢᠳᠦᠨ ᠤ ᠬᠠᠷᠠᠭ᠎ᠠ ᠶᠢ ᠬᠠᠮᠠᠭᠠᠯᠠᠬᠤ ᠦᠢᠯᠡᠳᠦᠯ ᠲᠠᠢ ᠪᠠᠶᠢᠵᠤ᠂ ᠨᠢᠳᠦᠨ ᠤ  ᠬᠠᠷᠠᠭ᠎ᠠ ᠶᠢ ᠰᠠᠶᠢᠵᠢᠷᠠᠭᠤᠯᠬᠤ ᠳᠤ ᠠᠰᠢᠭᠲᠠᠢ ᠪᠠᠶᠢᠳᠠᠭ᠃ ᠬᠡᠦᠬᠡᠳ ᠳᠡᠭᠡᠨ᠂ ᠡᠳᠡᠭᠡᠷ ᠰᠢᠮ᠎ᠡ ᠲᠡᠵᠢᠭᠡᠯ ᠡᠯᠪᠡᠭ  ᠠᠭᠤᠯᠳᠠᠭ ᠨᠣᠭᠤᠭ᠎ᠠ᠂ ᠭᠦᠨ ᠥᠩᠭᠡ ᠶᠢᠨ ᠨᠣᠭᠤᠭ᠎ᠠ ᠵᠢᠮᠢᠰ᠂ ᠪᠦᠳᠦᠭᠦᠯᠢᠭ ᠠᠮᠣ᠂ ᠴᠠᠭᠠᠨ ᠢᠳᠡᠭᠡ ᠵᠡᠷᠭᠡ ᠶᠢ  ᠢᠯᠡᠭᠦᠦ ᠢᠳᠡᠭᠦᠯᠵᠣ᠂ ᠭᠠᠷᠠᠭ ᠪᠣᠯᠭᠠᠨ 1 — 2 ᠤᠳᠠᠭ᠎ᠠ ᠠᠮᠢᠲᠠᠨ ᠤ ᠡᠯᠢᠭᠡ ᠢᠳᠡᠭᠦᠯᠦᠨ᠎ᠡ᠃       ᠰᠢᠬᠢᠷᠯᠢᠭ ᠢᠳᠡᠭᠡᠨ ᠪᠠᠭ᠎ᠠ ᠢᠳᠡᠭᠦᠯᠵᠦ᠂ ᠰᠢᠬᠢᠷ ᠠᠭᠤᠯᠣᠭᠰᠠᠨ ᠤᠮᠳᠠᠭᠠᠨ ᠪᠠᠭ᠎ᠠ ᠤᠤᠭᠤᠯᠭᠠᠬᠤ ᠬᠡᠷᠡᠭᠲᠡᠢ       ᠰᠢᠬᠢᠷᠯᠢᠭ ᠢᠳᠡᠭᠡᠨ ᠳᠠᠬᠢ ᠰᠢᠬᠢᠷ ᠨᠢ ᠬᠦᠮᠦᠨ ᠤ ᠪᠡᠶ᠎ᠡ ᠳᠤ ᠰᠣᠯᠢᠯᠴᠠᠭ᠎ᠠ ᠬᠢᠬᠦ ᠦᠶ᠎ᠡ ᠳᠤ ᠶᠡᠭᠡ  ᠬᠡᠮᠵᠢᠶᠡᠨ ᠤ ᠸᠢᠳ᠋ᠮᠢᠨ B1 ᠶᠢ ᠬᠡᠷᠡᠭᠯᠡᠳᠡᠭ᠃ ᠬᠡᠷᠪᠡ ᠰᠢᠬᠢᠷᠯᠢᠭ ᠢᠳᠡᠭᠡᠨ ᠢ ᠶᠡᠭᠡ ᠬᠡᠮᠵᠢᠶ᠎ᠡ ᠪᠠᠷ ᠢᠳᠡᠪᠡᠯ ᠨᠢᠳᠦ  ᠬᠢᠯᠪᠠᠷᠬᠠᠨ ᠶᠠᠳᠠᠷᠠᠵᠣ᠂ ᠬᠠᠷᠠᠭᠠᠨ ᠮᠡᠳᠡᠷᠡᠯ ︽ᠰᠢᠮ᠎ᠡ ᠲᠡᠵᠢᠭᠡᠯ ᠳᠤᠲᠠᠭᠳᠠᠬᠤ︾ ᠠᠴᠠ ᠪᠣᠯᠵᠣ ᠬᠠᠷᠠᠭ᠎ᠠ ᠮᠠᠭᠤᠳᠠᠬᠤ  ᠪᠣᠯᠣᠨ᠎ᠠ᠃ ᠰᠢᠬᠢᠷᠯᠢᠭ ᠢᠳᠡᠭᠡᠨ ᠨᠢ ᠺᠠᠯᠽ ᠶᠢ ᠬᠤᠷᠣᠭᠳᠠᠭᠤᠯᠤᠨ᠎ᠠ᠃ ᠺᠠᠯᠽ ᠳᠤᠲᠠᠪᠠᠯ ᠨᠢᠳᠦᠨ ᠤ ᠪᠣᠯᠴᠢᠩ  ᠰᠤᠯᠠᠷᠠᠵᠣ᠂ ᠡᠭᠦᠨ ᠤ ᠤᠯᠠᠮ ᠢᠶᠠᠷ ᠣᠶᠢᠷ᠎ᠠ ᠬᠠᠷᠠᠭ᠎ᠠ ᠲᠠᠢ ᠪᠣᠯᠳᠠᠭ᠃ ᠰᠢᠬᠢᠷᠯᠢᠭ ᠢᠳᠡᠭᠡᠨ ᠨᠢ ᠪᠠᠰᠠ ᠨᠢᠳᠦᠨ ᠤ  ᠲᠠᠯᠠᠰᠯᠢᠭ ᠪᠡᠶ᠎ᠡ ᠶᠢ ᠨᠥᠯᠦᠭᠡᠯᠡᠨ᠎ᠡ᠃ ᠰᠢᠬᠢᠷᠯᠢᠭ ᠢᠳᠡᠭᠡᠨ ᠠᠷᠪᠢᠨ ᠢᠳᠡᠪᠡᠯ ᠬᠥᠮᠥᠨ ᠤ ᠪᠡᠶ᠎ᠡ ᠳᠠᠬᠢ ᠴᠢᠰᠦᠨ  ᠰᠢᠬᠢᠷ ᠤᠨ ᠬᠡᠮᠵᠢᠶ᠎ᠡ ᠥᠨᠳᠦᠷ ᠪᠣᠯᠵᠣ᠂ ᠴᠢᠰᠦᠨ ᠡᠭᠡᠳᠡᠩ ᠤᠨ ᠨᠡᠪᠴᠢᠯᠲᠡ ᠶᠢᠨ ᠳᠠᠷᠣᠯᠲᠠ ᠳᠡᠭᠡᠭᠰᠢᠯᠡᠵᠣ᠂  ᠪᠡᠶ᠎ᠡ ᠶᠢᠨ ᠰᠢᠩᠭᠡᠨ ᠤ ᠨᠡᠪᠴᠢᠯᠲᠡ ᠶᠢᠨ ᠳᠠᠷᠣᠯᠲᠠ ᠳᠣᠭᠤᠭᠰᠢᠯᠠᠵᠣ᠂ ᠨᠢᠳᠦᠨ ᠤ ᠳᠠᠷᠣᠯᠲᠠ ᠶᠢ ᠶᠡᠬᠡᠰᠬᠡᠵᠣ᠂  ᠣᠶᠢᠷ᠎ᠠ ᠬᠠᠷᠠᠭ᠎ᠠ ᠶᠢ ᠡᠭᠦᠰᠭᠡᠵᠣ ᠮᠡᠳᠡᠨ᠎ᠡ᠃       ᠡᠶᠢᠮᠦ ᠠᠴᠠ ᠬᠡᠦᠬᠡᠳ ᠲᠤ ᠰᠢᠬᠢᠷ ᠠᠭᠤᠯᠤᠭᠰᠠᠨ ᠤᠮᠳᠠᠭᠠᠨ ᠪᠠᠭ᠎ᠠ ᠤᠤᠭᠤᠯᠭᠠᠵᠤ᠂ ᠰᠢᠬᠢᠷᠯᠢᠭ ᠢᠳᠡᠭᠡ᠂  ᠰᠢᠬᠢᠷ ᠵᠢᠮᠢᠰ ᠵᠡᠷᠭᠡ ᠰᠢᠬᠢᠷ ᠤᠨ ᠠᠭᠤᠯᠤᠭᠳᠠᠴᠠ ᠨᠡᠯᠢᠶᠡᠳ ᠥᠨᠳᠥᠷ ᠰᠢᠬᠢᠷᠯᠢᠭ ᠢᠳᠡᠭᠡᠨ ᠪᠠᠭ᠎ᠠ ᠢᠳᠡᠭᠦᠯᠬᠦ  ᠬᠡᠷᠡᠭᠲᠡᠢ᠃ ᠬᠠᠲᠠᠭᠤ ᠰᠢᠭ᠋ ᠵᠦᠢᠯ ᠢᠳᠡᠭᠦᠯᠵᠣ ᠨᠢᠳᠦᠨ ᠤ ᠪᠣᠯᠴᠢᠩ ᠢ ᠴᠢᠩᠭᠠᠷᠠᠭᠤᠯᠬᠤ ᠨᠢ ᠴᠢᠬᠤᠯᠠ᠃ ᠵᠠᠵᠢᠯᠬᠤ   ᠨᠢ ᠬᠡᠦᠬᠡᠳ ᠤᠨ ᠨᠢᠭᠤᠷ ᠤᠨ ᠪᠤᠯᠴᠢᠩ ᠤᠨ ᠬᠥᠳᠡᠯᠭᠡᠭᠡᠨ ᠢ ᠠᠬᠢᠭᠤᠯᠵᠤ᠂ ᠢᠯᠠᠩᠭᠤᠶ᠎ᠠ ᠨᠢᠳᠦᠨ ᠤ ᠪᠣᠯᠴᠢᠩ ᠤᠨ  ᠬᠥᠳᠡᠯᠭᠡᠭᠡᠨ ᠢ ᠨᠡᠮᠡᠭᠳᠡᠭᠦᠯᠳᠡᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号