ᠳᠡᠭᠡᠲᠦ ᠰᠢᠷᠡᠭᠡ ᠵᠠᠰᠠᠬᠤ
ᠨᠡᠶᠢᠲᠡᠯᠡᠭᠰᠡᠨ ᠴᠠᠭ᠄
2023/12/18
ᠳᠡᠭᠡᠲᠦ ᠰᠢᠷᠡᠭᠡ ᠵᠠᠰᠠᠬᠤ ᠠᠴᠠ ᠡᠮᠤᠨ᠎ᠡ ᠴᠠᠢ ᠶᠢᠨ ᠰᠢᠷᠡᠭᠡ ᠵᠠᠰᠠᠬᠤ ᠶᠤᠮ᠃ ᠴᠠᠢ ᠶᠢᠨ ᠰᠢᠷᠡᠭᠡ ᠶᠢ ᠥᠭᠡᠷ᠎ᠡ ᠭᠡᠷ ᠲᠤ ᠵᠠᠰᠠᠪᠠᠴᠦ ᠪᠤᠯᠤᠨ᠎ᠠ᠃ ᠴᠠᠢ ᠶᠢᠨ ᠰᠢᠷᠡᠭᠡᠨ ᠳᠤ ᠲᠦᠷᠪᠡᠨ ᠫᠢᠯᠠ ᠪᠤᠶᠤ ᠵᠢᠷᠭᠤᠭᠠᠨ ᠫᠢᠯᠡ ᠪᠤᠭᠤᠷᠰᠤᠭ ᠲᠠᠯᠪᠢᠵᠦ ᠴᠠᠢ ᠣᠣᠭᠤᠯᠭᠠᠵᠦ ᠵᠣᠴᠢᠯᠠᠨ᠎ᠠ᠃ ᠴᠠᠢ ᠶᠢᠨ ᠰᠢᠷᠡᠭᠡᠨ ᠤ ᠳᠠᠷᠠᠭ᠎ᠠ ᠵᠡᠭᠦᠨ ᠪᠠᠷᠠᠭᠤᠨ ᠭᠡᠷ ᠲᠤ ᠬᠤᠣᠰ ᠰᠢᠷᠡᠭᠡ ᠲᠠᠯᠪᠢᠵᠦ ᠳᠡᠭᠡᠲᠦ ᠰᠢᠷᠡᠭᠡ ᠵᠠᠰᠠᠨ᠎ᠠ᠃ ᠪᠠᠷᠠᠭᠤᠨ ᠭᠡᠷ ᠤᠨ ᠬᠤᠣᠰ ᠰᠢᠷᠡᠭᠡᠨ ᠤ ᠪᠠᠷᠠᠭᠤᠨ ᠲᠠᠯ᠎ᠠ ᠶᠢᠨ ᠰᠢᠷᠡᠭᠡᠨ ᠳᠤ ᠬᠦᠷᠭᠡᠨ ᠤ ᠲᠠᠯ᠎ᠠ ᠶᠢᠨ ᠲᠦᠷᠦᠬᠦᠦ᠂ ᠲᠠᠮᠠᠭᠠᠨ ᠬᠤᠳᠠ᠂ ᠲᠡᠷᠭᠡᠨ ᠬᠤᠳᠠ᠂ ᠰᠢᠨ᠎ᠡ ᠭᠦᠷᠭᠡᠨ ᠳᠠᠷᠠᠭᠠᠯᠠᠨ ᠰᠠᠭᠤᠵᠦ᠂ ᠲᠠᠪᠤᠳᠤᠭᠠᠷ ᠤᠷᠤᠨ ᠳᠤ ᠬᠡᠤᠭᠡᠨ ᠤ ᠲᠠᠯ᠎ᠠ ᠶᠢᠨ ᠤᠶᠢᠷ᠎ᠠ ᠪᠤᠯᠬᠤ ᠢᠳᠡᠷ ᠵᠠᠯᠠᠭᠤ ᠬᠦᠮᠦᠨ ᠰᠠᠭᠤᠨ᠎ᠠ᠃ ᠬᠤᠣᠰ ᠰᠢᠷᠡᠭᠡᠨ ᠤ ᠵᠡᠭᠦᠨ ᠲᠠᠯ᠎ᠠ ᠶᠢᠨ ᠰᠢᠷᠡᠭᠡᠨ ᠳᠤ ᠬᠡᠤᠭᠡᠨ ᠤ ᠲᠠᠯ᠎ᠠ ᠶᠢᠨ ᠲᠦᠷᠦᠭᠦᠦ ᠨᠢ ᠬᠦᠷᠭᠡᠨ ᠤ ᠲᠠᠯ᠎ᠠ ᠶᠢᠨ ᠲᠦᠷᠦᠭᠦᠦ ᠲᠠᠢ ᠵᠡᠷᠭᠡᠴᠡᠨ ᠰᠠᠭᠤᠵᠦ᠂ ᠳᠠᠷᠠᠭ᠎ᠠ ᠨᠢ ᠬᠡᠤᠭᠡᠨ ᠤ ᠨᠠᠭᠠᠴᠦ᠂ ᠠᠪᠠᠭ᠎ᠠ ᠵᠡᠷᠭᠡ ᠶᠢᠨ ᠬᠦᠮᠦᠨ ᠲᠥᠷᠪᠡ ᠰᠠᠭᠤᠨ᠎ᠠ᠃ ᠵᠡᠭᠦᠨ ᠭᠡᠷ ᠤᠨ ᠰᠢᠷᠡᠭᠡ ᠪᠣᠯ ᠡᠮᠡᠭᠲᠡᠶᠢᠴᠦᠳ ᠤᠨ ᠰᠢᠷᠡᠭᠡ ᠪᠤᠯᠤᠨ᠎ᠠ᠃ ᠬᠤᠣᠰ ᠰᠢᠷᠡᠭᠡᠨ ᠤ ᠪᠠᠷᠠᠭᠤᠨ ᠲᠠᠯ᠎ᠠ ᠶᠢᠨ ᠰᠢᠷᠡᠭᠡᠨ ᠤ ᠨᠢᠭᠡᠳᠤᠭᠡᠷ ᠤᠷᠤ ᠳᠤ ᠥᠬᠢᠨ ᠬᠤᠳᠠᠭᠠᠢ ᠰᠠᠭᠤᠨ᠎ᠠ᠃ ᠬᠤᠣᠰ ᠰᠢᠷᠡᠭᠡᠨ ᠤ ᠵᠡᠭᠦᠨ ᠲᠠᠯ᠎ᠠ ᠶᠢᠨ ᠰᠢᠷᠡᠭᠡᠨ ᠤ ᠲᠡᠷᠢᠭᠦᠨ ᠣᠷᠣ ᠳᠤ ᠵᠠᠰᠠᠭ ᠡᠵᠢ ᠰᠠᠭᠤᠵᠦ᠂ ᠪᠤᠰᠤᠳ ᠣᠷᠣᠨ ᠳᠤ ᠬᠡᠤᠭᠡᠨ ᠤ ᠤᠶᠢᠷ᠎ᠠ ᠲᠦᠷᠦᠯ ᠤᠨ ᠭᠡᠶᠢᠴᠢᠨ ᠰᠠᠭᠤᠵᠦ᠂ ᠬᠤᠣᠰ ᠰᠢᠷᠡᠭᠡᠨ ᠤ ᠲᠠᠪᠤᠳᠤᠭᠠᠷ ᠣᠷᠣ ᠳᠤ ᠰᠢᠨ᠎ᠡ ᠭᠦᠷᠭᠡᠨ ᠬᠤᠪᠴᠠᠯᠠᠬᠤ ᠬᠤᠶᠡᠷ ᠪᠡᠷᠭᠡᠨ ᠰᠠᠭᠤᠨ᠎ᠠ᠃ ᠳᠡᠭᠡᠲᠦ ᠰᠢᠷᠡᠭᠡ ᠶᠢ ᠪᠤᠰᠤᠳ ᠬᠡᠶᠢᠴᠢᠨ ᠢ ᠲᠠᠶᠢᠯᠵᠦ ᠪᠠᠷᠠᠬᠰᠠᠨ ᠤ ᠬᠤᠶᠢᠨ᠎ᠠ ᠵᠠᠰᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号