ᠦᠯᠵᠡᠶᠢᠲᠦ ᠨᠣᠮ ᠤᠨ ᠬᠦᠷᠳᠦᠲᠦ ᠭᠡᠶᠢᠳ ᠤᠨ ᠲᠣᠬᠠᠢ
ᠨᠡᠶᠢᠲᠡᠯᠡᠭᠰᠡᠨ ᠴᠠᠭ᠄
2022/12/2
ᠦᠯᠵᠡᠶᠢᠲᠦ ᠨᠣᠮ ᠤᠨ ᠬᠦᠷᠳᠦᠲᠦ ᠭᠡᠶᠢᠳ ᠢ ᠪᠠᠰᠠ ᠬᠦᠷᠳᠦᠲᠦ ᠰᠦᠮ᠎ᠡ᠂ ᠦᠯᠵᠡᠶᠢᠲᠦ ᠨᠣᠮ ᠤᠨ ᠢᠷᠣᠭᠡᠯᠲᠦ ᠰᠦᠮ᠎ᠡ ᠭᠡᠵᠦ ᠠᠳᠠᠯᠢ ᠪᠤᠰᠤ ᠣᠷᠴᠢᠭᠤᠯᠣᠨ ᠬᠡᠯᠡᠵᠦ ᠪᠤᠢ᠃ ᠲᠣᠰ ᠰᠦᠮ᠎ᠡ ᠨᠢ ᠯᠢᠶᠣᠤ ᠤᠯᠤᠰ ᠤᠨ ᠦᠶ᠎ᠡ ᠶᠢᠨ ᠯᠢᠩ ᠯᠦᠩ ᠰᠧ ᠬᠡᠶᠢᠳ ᠤᠨ ᠬᠠᠭᠤᠴᠢᠨ ᠦᠯᠳᠡᠭᠳᠡᠯ ᠳᠡᠭᠡᠷ᠎ᠡ ᠪᠠᠶᠢᠭᠤᠯᠣᠯ᠎ᠠ ᠭᠡᠰᠡᠨ ᠣᠯᠠᠮᠵᠢᠯᠠᠯ ᠶᠠᠷᠢᠶ᠎ᠠ ᠶᠢ ᠰᠣᠨᠣᠰᠴᠤ ᠪᠠᠶᠢᠭᠰᠠᠨ᠂ ᠲᠣᠬᠠᠢ ᠶᠢᠨ ᠦᠶ᠎ᠡ ᠳᠡᠭᠡᠨ ᠬᠤᠪᠢ ᠬᠦᠮᠦᠨ ᠤ ᠰᠦᠮ᠎ᠡ ᠪᠠᠶᠢᠯ᠎ᠠ ᠭᠡᠳᠡᠭ᠃ ᠴᠢᠩ ᠤᠯᠤᠰ ᠤᠨ ᠲᠡᠭᠷᠢ ᠲᠡᠳᠬᠦᠭᠴᠢ ᠶᠢᠨ ᠠᠷᠪᠠᠳᠤᠭᠠᠷ ᠣᠨ᠂ ᠬᠥᠬᠡᠭᠴᠢᠨ ᠦᠬᠡᠷ ᠵᠢᠯ ︵1745  ᠣᠨ︶ ᠠᠴᠠ ᠡᠬᠢᠯᠡᠨ ᠬᠠᠷᠠᠴᠢᠨ ᠳᠤᠮᠳᠠᠳᠤ ᠬᠤᠰᠢᠭᠤᠨ ᠤ ᠵᠠᠰᠠᠭ ᠸᠠᠩ ᠤᠨ ᠭᠤᠷᠪᠠᠨ ᠦᠶ᠎ᠡ ᠶᠢᠨ ᠬᠦᠮᠦᠰ ᠵᠤᠭᠤᠰ ᠮᠦᠩᠬᠦ ᠴᠤᠭᠯᠠᠭᠤᠯᠵᠤ ᠪᠠᠶᠢᠭᠠᠳ 58 ᠵᠢᠯ ᠤᠨ ᠴᠠᠭ ᠢ ᠬᠡᠷᠡᠭᠰᠡᠵᠦ ᠰᠠᠶᠢᠰᠢᠶᠠᠯ ᠢᠷᠦᠭᠡᠯᠲᠦ ᠶᠢᠨ ᠨᠠᠢᠮᠠᠳᠤᠭᠠᠷ ᠣᠨ᠂ ᠬᠠᠷᠠᠭᠴᠢᠨ ᠭᠠᠭ᠋ᠠᠢ ᠣᠨ ︵1803 ᠣᠨ︶ ᠳᠤ ᠪᠠᠶᠢᠭᠤᠯᠵᠣ ᠪᠠᠷᠠᠭᠠᠳ ᠬᠠᠷᠠᠴᠢᠨ ᠳᠤᠮᠳᠠᠳᠤ ᠬᠤᠰᠢᠭᠤᠨ ᠤ ᠵᠠᠰᠠᠭ ᠸᠠᠩ ᠤᠨ ᠰᠦᠮ᠎ᠡ ᠪᠣᠯᠭᠠᠵᠠᠢ᠃ᠮᠢᠨᠣ ᠭᠡᠷ ᠰᠦᠮ᠎ᠡ ᠠᠴᠠ ᠲᠣᠩ ᠣᠶᠢᠷᠠᠬᠠᠨ ᠣᠴᠢᠷ ᠠᠴᠠ᠂ ᠦᠷᠭᠦᠯᠵᠢ ᠰᠦᠮ᠎ᠡ ᠶᠢᠨ ᠣᠶᠢᠷᠡᠯᠴᠠᠭ᠎ᠠ ᠨᠠᠭᠠᠳᠴᠤ᠂ ᠰᠦᠮ᠎ᠡ ᠶᠢᠨ ᠲᠤᠬᠠᠢ ᠡᠳᠦᠢ ᠲᠡᠳᠦᠢ ᠦᠵᠡᠵᠦ ᠰᠣᠨᠣᠰᠤᠭᠰᠠᠨ ᠵᠦᠢᠯ ᠤᠳ ᠢᠶᠠᠨ ᠠᠳᠡ ᠳᠦᠭᠦᠮ ᠲᠡᠮᠳᠡᠭᠯᠡᠪᠡ᠃ ᠨᠠᠳᠠ ᠶᠢ ᠪᠠᠭ᠎ᠠ ᠪᠠᠶᠢᠬᠤ ᠳᠤ ᠡᠨᠡ ᠬᠦᠷᠢᠶᠡᠨ ᠳᠤ ᠭᠦᠩᠱᠧ ᠶᠢᠨ ᠠᠮᠤ ᠪᠤᠳᠠᠭᠠᠨ ᠤ ᠰᠠᠩ ᠪᠠᠶᠢᠵᠠᠢ᠃ ᠲᠤᠬᠠᠢ ᠶᠢᠨ ᠦᠶ᠎ᠡ ᠳᠤ ᠰᠦᠮ᠎ᠡ ᠶᠢᠨ ᠨᠣᠮ ᠬᠤᠷᠠᠬᠤ ᠳᠠᠭᠠᠨ ᠰᠦᠮ᠎ᠡ ᠶᠢᠨ ᠠᠷᠤ ᠳᠠᠬᠢ ᠬᠤᠪᠢ ᠬᠥᠮᠥᠨ ᠤ ᠭᠡᠷ ᠤᠨ ᠰᠦᠮ᠎ᠡ ᠳᠤ ᠬᠤᠷᠠᠳᠠᠭ᠃ ᠬᠡᠳᠦᠨ ᠵᠢᠯ ᠤᠨ ᠲᠠᠷᠠᠭ᠎ᠠ᠂ ᠨᠢᠭᠡᠳᠦᠯ ᠬᠤᠷᠰᠢᠶᠠᠵᠢᠯ ᠭᠡᠳ ︽ᠨᠡᠶᠢᠲᠡ ᠶᠢᠨ ᠥᠮᠴᠢᠯᠡᠯ︾ ᠪᠣᠯᠵᠤ᠂ ᠦᠢᠯᠡᠳᠪᠦᠷᠢᠯᠡᠯ ᠤᠨ ᠪᠠᠷᠢᠭᠠᠳᠠ ᠪᠠᠶᠢᠭᠤᠯᠣᠭᠳᠠᠭᠠᠳ᠂ ᠬᠤᠪᠢ ᠬᠥᠮᠥᠨ ᠤ ᠭᠡᠷ ᠤᠨ ᠰᠦᠮ᠎ᠡ ᠳᠤ ᠬᠤᠷᠠᠯ ᠨᠣᠮ ᠬᠤᠷᠠᠬᠤ ᠳᠤ ᠳᠦᠭᠦᠮ ᠦᠭᠡᠢ ᠪᠣᠯᠣᠭᠰᠠᠨ ᠠᠴᠠ ᠠᠶᠢᠯ ᠤᠨ ᠵᠠᠬ᠎ᠠ ᠳᠠᠬᠢ ᠬᠡᠷᠡᠮ ᠬᠠᠰᠢᠶ᠎ᠠ ᠴᠦ ᠦᠭᠡᠢ᠂ ᠬᠦᠷᠢᠶᠡᠨ ᠡᠭᠦᠳᠡ ᠨᠢ ᠨᠣᠷᠠᠮᠠᠷ ᠪᠣᠯᠣᠭᠰᠠᠨ ᠯᠣᠣᠶᠧ ᠶᠢᠨ ᠰᠦᠮ᠎ᠡ ᠶᠢ ᠵᠠᠰᠠᠵᠤ ᠰᠢᠨᠡᠳᠭᠡᠭᠡᠳ ᠬᠤᠷᠠᠯ ᠨᠣᠮ ᠬᠤᠷᠠᠬᠤ ᠪᠣᠯᠣᠭᠰᠠᠨ ᠶᠤᠮ᠃1963 ᠣᠨ ᠠᠴᠠ ᠡᠬᠢᠯᠡᠭᠰᠡᠨ ︽ᠳᠥᠷᠪᠡ ᠶᠢ ᠴᠡᠪᠡᠷᠯᠡᠬᠦ︾ ᠬᠥᠳᠡᠯᠭᠡᠭᠡᠨ ᠬᠢᠭᠡᠳ 1966 ᠣᠨ ᠠᠴᠠ ᠡᠬᠢᠯᠡᠭᠰᠡᠨ ᠰᠣᠶᠣᠯ ᠤᠨ ᠶᠡᠭᠡ ᠬᠤᠪᠢᠰᠬᠠᠯ ᠨᠢ ᠪᠤᠷᠬᠠᠨ ᠨᠣᠮ ᠢ ᠰᠢᠲᠠᠭᠠᠵᠦ᠂ ᠰᠦᠮ᠎ᠡ ᠶᠢᠨ ᠬᠠᠭᠤᠴᠢᠨ ᠡᠳ᠋ ᠬᠤᠭᠰᠢᠯ᠂ ᠲᠠᠬᠢᠯ ᠤᠨ ᠪᠠᠭᠠᠵᠢ᠂ ᠪᠤᠷᠬᠠᠨ ᠤ ᠬᠥᠷᠥᠭ ᠵᠢᠷᠤᠭ᠂ ᠱᠤᠭᠤᠮᠠᠯ ᠵᠡᠷᠭᠡ ᠶᠢ ᠪᠦᠬᠦᠨ ᠢ ᠪᠠᠯᠪᠠᠴᠢᠨ ᠰᠦᠢᠳᠭᠡᠵᠦ᠂ ᠯᠤᠤᠶᠧ ᠶᠢᠨ ᠰᠦᠮ᠎ᠡ ᠳᠡᠭᠡᠷ᠎ᠡ ᠴᠤ ᠬᠤᠷᠠᠯ ᠨᠣᠮ ᠬᠤᠷᠠᠬᠤ ᠠᠷᠭ᠎ᠠ ᠦᠭᠡᠢ ᠪᠤᠯᠵᠤ ᠪᠦᠷᠢᠮᠦᠰᠦᠨ ᠵᠤᠭᠰᠤᠵᠠᠢ᠃ ᠪᠢ ᠡᠨᠡ ᠦᠶ᠎ᠡ ᠳᠤ ᠳᠤᠮᠳᠠᠳᠤ ᠰᠤᠷᠭᠠᠭᠤᠯᠢ ᠳᠤ ᠪᠢᠴᠢᠭ ᠦᠵᠡᠵᠦ ᠪᠠᠶᠢᠭᠰᠠᠨ ᠣᠴᠢᠷ ᠠᠴᠠ᠂ ᠦᠳᠡ ᠶᠢᠨ ᠬᠤᠭᠤᠯᠠᠨ ᠤ ᠳᠠᠷᠠᠭ᠎ᠠ ᠯᠤᠤᠶᠧ ᠶᠢᠨ ᠰᠦᠮ᠎ᠡ ᠳᠡᠭᠡᠷ᠎ᠡ ᠣᠴᠢᠬᠤ ᠳᠤ ᠪᠠᠯᠪᠠᠴᠢᠵᠤ ᠳᠡᠯᠪᠡᠴᠢᠭᠰᠡᠨ ᠪᠠᠶᠢᠳᠠᠯ ᠢ ᠦᠪᠡᠷ ᠤᠨ ᠨᠢᠳᠦ ᠪᠠᠷ ᠢᠶᠠᠨ ᠬᠠᠷᠠᠭᠰᠠᠨ ᠶᠤᠮ᠃1978 ᠣᠨ ᠤ ᠵᠢᠯ ᠤᠨ ᠡᠴᠦᠰ ᠢᠶᠠᠷ᠂ ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠥᠬᠦᠳᠡ ᠬᠤᠷᠠᠯ ᠬᠤᠷᠠᠯᠳᠣᠭᠰᠠᠨ ᠠᠴᠠ ᠱᠠᠰᠢᠨ ᠤ ᠲᠦᠷᠦ ᠶᠢᠨ ᠪᠣᠳᠣᠯᠭ᠎ᠠ ᠶᠢ ᠳᠠᠬᠢᠨᠲᠠ ᠨᠠᠶᠢᠳᠠᠪᠤᠷᠢᠵᠢᠭᠤᠯᠵᠤ᠂ ᠯᠠᠮ᠎ᠠ ᠨᠠᠷ ᠪᠠ ᠰᠦᠰᠦᠭᠲᠡᠨ ᠪᠣᠷᠬᠠᠨ ᠱᠠᠰᠢᠨ ᠢ ᠰᠢᠲᠦᠬᠦ ᠡᠷᠬᠡ ᠴᠢᠯᠦᠭᠡ ᠲᠠᠢ ᠪᠣᠯᠵᠤ᠂ ᠳᠠᠬᠢᠭᠠᠳ ᠬᠤᠷᠠᠯ ᠨᠣᠮ ᠬᠤᠷᠠᠬᠤ ᠵᠠᠪᠰᠢᠶᠠᠨ ᠲᠠᠢ ᠪᠣᠯᠣᠭᠰᠠᠨ ᠠᠴᠠ 1984 ᠣᠨ ᠳᠤ ᠬᠤᠪᠢ ᠬᠦᠮᠦᠨ ᠤ ᠭᠡᠷ ᠤᠨ ᠰᠦᠮ᠎ᠡ ᠳᠤ ᠨᠣᠮ ᠤᠨ ᠬᠤᠷᠠᠯ ᠢᠶᠠᠨ ᠰᠡᠷᠭᠦᠭᠡᠵᠡᠢ᠃1991 ᠣᠨ ᠳᠤ᠂ ᠦᠯᠵᠡᠶᠢᠲᠦ ᠨᠣᠮ ᠤᠨ ᠬᠦᠷᠳᠦᠲᠦ ᠰᠦᠮ᠎ᠡ ᠶᠢᠨ ᠬᠦᠷᠢᠶᠡᠨ ᠤ ᠠᠮᠤ ᠪᠤᠳᠠᠭᠠᠨ ᠤ ᠰᠠᠩ ᠢ ᠰᠢᠯᠵᠢᠭᠦᠯᠵᠦ᠂ 1992 ᠣᠨ ᠳᠤ ᠰᠦᠮ᠎ᠡ ᠶᠢ ᠳᠠᠬᠢᠨ ᠰᠡᠯᠪᠢᠵᠦ ᠵᠠᠰᠠᠬᠤ᠂ ᠴᠡᠪᠡᠷᠯᠡᠬᠦ ᠪᠠᠷ ᠳᠠᠮᠵᠢᠨ ᠨᠡᠭᠦᠵᠦ ᠣᠷᠣᠬᠤ ᠪᠠᠷ ᠪᠤᠯᠵᠤ᠂ ᠭᠠᠨᠵᠤᠤᠷ ᠳ᠋ᠠᠨᠵᠤᠤᠷ ᠤᠨ ᠰᠦᠮ᠎ᠡ ︵ᠵᠠᠨ ᠴᠠᠨ ᠳ᠋ᠢᠶᠠᠨ︶ ᠳᠤ ᠬᠤᠪᠢ ᠬᠦᠮᠦᠨ ᠤ ᠳᠤ ᠪᠠᠶᠢᠭᠰᠠᠨ ᠪᠤᠷᠬᠠᠨ ᠤ ᠬᠥᠷᠥᠭ ᠵᠢᠷᠤᠭ᠂ ᠨᠣᠮ ᠤᠨ ᠰᠢᠷᠡᠭᠡ᠂ ᠨᠣᠮ ᠬᠤᠷᠠᠯ ᠬᠤᠷᠠᠬᠤ ᠰᠠᠨᠳᠠᠯᠢ ᠰᠠᠭᠤᠳᠠᠯ᠂ ᠨᠣᠮ ᠤᠨ ᠬᠡᠷᠡᠭᠰᠡᠯ᠂ ᠨᠣᠮ ᠰᠤᠳᠤᠷ᠂ ᠳᠥᠭᠦᠮ ᠲᠦᠳᠡ ᠳᠠᠬᠢᠯᠭ᠎ᠠ ᠶᠢᠨ ᠬᠡᠷᠡᠭᠰᠡᠯ ᠵᠡᠷᠭᠡ ᠶᠢ ᠵᠦᠭᠡᠭᠡᠵᠦ ᠠᠪᠴᠢᠷᠠᠭᠠᠳ᠂ ᠨᠣᠮ ᠬᠤᠷᠠᠬᠤ ᠪᠣᠯᠵᠠᠢ᠃ᠲᠤᠬᠠᠢ ᠶᠢᠨ ᠦᠶ᠎ᠡ ᠳᠤ᠂ ᠰᠠᠶ᠋ᠢ ᠡᠬᠢᠯᠡᠭᠡᠳ ᠴᠦᠢᠵᠢᠵᠠᠯᠽᠠᠨ ᠪᠠᠭᠰᠢ ᠰᠦᠮ᠎ᠡ ᠶᠢ ᠬᠠᠮᠢᠶᠠᠷᠴᠤ᠂ ᠰᠢᠷᠡᠪᠨᠢᠮ᠎ᠠ᠂ ᠭᠠᠸᠠ᠂ ᠢᠰᠢᠨᠢᠮ᠎ᠠ᠂ ᠪᠠᠳᠮᠠᠷᠢᠨᠴᠢᠨ᠂ ᠴᠣᠶᠢᠵᠢᠵᠠᠪ ᠵᠡᠷᠭᠡ ᠯᠠᠮ᠎ᠠ ᠨᠠᠷ ᠪᠠᠶᠢᠵᠠᠢ᠃ ᠰᠡᠭᠦᠯᠡᠷ ᠨᠢ ᠴᠦᠢᠵᠢᠵᠠᠯᠽᠠᠨ ᠪᠠᠭᠰᠢ ᠨᠠᠰᠤ ᠠᠬᠢᠭᠰᠠᠨ ᠠᠴᠠ ᠰᠢᠷᠡᠪᠨᠢᠮ᠎ᠠ ᠪᠠᠭᠰᠢ ᠰᠦᠮ᠎ᠡ ᠶᠢ ᠬᠠᠮᠢᠶᠠᠷᠠᠬᠤ ᠪᠣᠯᠪᠠ᠃1993 ᠣᠨ ᠳᠤ᠂ ᠵᠣᠣ ᠶᠢᠨ ᠰᠦᠮ᠎ᠡ ᠳᠤ ︵ᠵᠠᠨ ᠴᠠᠨ ᠳ᠋ᠢᠶᠠᠨ︶ ᠽᠦᠩᠺᠧᠸ᠎ᠠ ᠪᠤᠷᠬᠠᠨ᠂ ᠳᠠᠯᠠᠢ ᠯᠠᠮᠠ᠂ ᠪᠠᠨᠴᠢᠨ ᠪᠤᠭᠲᠠ ᠶᠢᠨ ᠬᠦᠷᠦᠭ ᠢ ᠱᠤᠭᠤᠵᠤ ᠪᠦᠲᠦᠭᠡᠭᠡᠳ ᠠᠷᠤ ᠬᠤᠷᠴᠢᠨ ᠤ ᠭᠧᠮᠫᠢ ᠶᠢᠨ ᠰᠦᠮ᠎ᠡ ᠶᠢᠨ ᠶᠦᠩᠽᠦᠩ ᠬᠡᠭᠡᠨ ᠢ ᠵᠠᠯᠠᠵᠤ ᠪᠤᠷᠬᠠᠨ ᠤ ᠱᠣᠭᠤᠮᠠᠯ ᠢ ᠷᠠᠪᠨᠠᠶᠢᠯᠠᠬᠤ ᠶᠡᠭᠡ ᠨᠣᠮ ᠤᠨ ᠬᠤᠷᠠᠯ ᠬᠢᠵᠦ᠂ ᠱᠠᠰᠢᠨᠲᠡᠨ ᠮᠦᠷᠭᠦᠯᠴᠢᠳ᠂ ᠦᠭᠯᠢᠭᠡ ᠶᠢᠨ ᠡᠵᠡᠳ ᠣᠯᠠᠨ ᠴᠣᠭᠯᠠᠷᠠᠵᠠᠢ᠃1994 ᠣᠨ ᠳᠤ᠂ ᠵᠣᠣ ᠶᠢᠨ ᠰᠦᠮ᠎ᠡ ᠳᠤ ᠭᠠᠨᠵᠤᠤᠷ ᠳ᠋ᠠᠨᠵᠤᠤᠷ ᠤᠨ ᠶᠡᠭᠡ ᠬᠦᠯᠭᠡᠨ ᠰᠣᠳᠣᠷ ᠢ ᠵᠠᠯᠠᠵᠤ ᠢᠷᠡᠵᠡᠢ᠃ ᠭᠡᠪᠡᠴᠦ ᠬᠠᠮᠢᠭ᠎ᠠ ᠠᠴᠠ ᠵᠠᠯᠠᠵᠤ ᠢᠷᠡᠭᠰᠡᠨ ᠢ ᠲᠣᠲᠣᠷᠬᠠᠢ ᠮᠡᠳᠡᠬᠦ ᠦᠭᠡᠢ᠂ ᠤᠴᠢᠷ ᠨᠢ ᠪᠢ ᠲᠡᠷᠡ ᠦᠶ᠎ᠡ ᠳᠤ ᠰᠦᠮ᠎ᠡ ᠳᠤ ᠢᠷᠡᠭᠡᠳᠦᠢ ᠪᠠᠶᠢᠵᠡᠢ᠃︽ᠭᠠᠨᠵᠤᠤᠷ︾ ︽ᠳ᠋ᠠᠨᠵᠤᠤᠷ︾ ᠤᠨ ᠶᠡᠭᠡ ᠬᠦᠯᠭᠡᠨ ᠰᠣᠳᠣᠷ ᠢ ᠪᠠᠭᠯᠠᠬᠤ ᠦᠶᠡᠰ ᠲᠤ ᠶᠡᠭᠡ ᠬᠡᠮᠵᠢᠶᠡᠨ ᠤ ᠪᠥᠰ ᠳᠤᠷᠳᠤᠩ ᠬᠡᠷᠡᠭᠯᠡᠭᠰᠡᠨ ᠭᠡᠳᠡᠭ᠂ ᠮᠢᠨᠤ ᠮᠦᠮᠦ ᠴᠤ ᠵᠣᠭᠤᠰ ᠡᠷᠭᠦᠭᠰᠡᠨ ᠭᠡᠨ᠎ᠡ᠂ ᠵᠣᠭᠤᠰ ᠤᠨ ᠲᠤᠭ᠎ᠠ ᠶᠢ ᠮᠡᠳᠡᠬᠦ ᠦᠭᠡᠢ᠂ ᠬᠠᠨᠳᠢᠪ ᠡᠷᠭᠦᠭᠰᠡᠳ ᠤᠨ ᠨᠡᠷ᠎ᠡ ᠳᠤ ᠮᠢᠨᠦ ᠮᠦᠮᠦ ᠶᠢᠨ ᠨᠡᠷ᠎ᠡ ᠪᠠᠰᠠ ᠪᠠᠶᠢᠨ᠎ᠠ᠃1996 ᠣᠨ ᠤ ᠬᠠᠪᠤᠷ᠂ ᠰᠣᠭᠴᠢᠨ ᠲᠣᠭᠠᠩ ᠢ ᠵᠠᠰᠠᠵᠣ ᠰᠢᠨᠡᠳᠭᠡᠭᠡᠳ᠂ ᠭᠠᠨᠳᠢᠭ ᠴᠢᠯᠠᠭᠤ ᠪᠠᠷ ᠱᠤᠭᠤᠭᠰᠠᠨ ᠱᠠᠭᠵᠠᠮᠤᠨᠢ ᠪᠤᠷᠬᠠᠨ᠂ ᠠᠪᠢᠳᠠ ᠪᠤᠷᠬᠠᠨ᠂ ᠤᠳᠠᠴᠢ ᠪᠤᠷᠬᠠᠨ ᠵᠡᠷᠭᠡ ᠲᠠᠪᠤᠨ ᠪᠤᠷᠬᠠᠨ ᠵᠠᠯᠠᠵᠣ ᠢᠷᠡᠵᠡᠢ᠃ ᠡᠭᠦᠨ ᠠᠴᠠ ᠭᠠᠳᠠᠨ᠎ᠠ ᠰᠢᠪᠠᠷ ᠢᠶᠠᠷ ᠱᠣᠭᠤᠵᠣ ᠠᠯᠲᠠ ᠪᠠᠷ ᠦᠩᠭᠡᠯᠡᠭᠰᠡᠨ ᠠᠷᠪᠠᠨ ᠨᠠᠢᠮᠠᠨ ᠠᠷᠠᠬᠤᠨ ᠰᠢᠲᠦᠭᠡᠨ ᠬᠢᠭᠡᠳ ᠪᠤᠰᠤᠳ ᠪᠤᠷᠬᠠᠨ ᠤ ᠱᠣᠭᠤᠮᠠᠯ ᠢ ᠱᠣᠭᠤᠨ ᠪᠦᠲᠦᠭᠡᠵᠡᠢ᠃ ᠲᠤᠰ ᠵᠢᠯ ᠤᠨ ᠳᠣᠯᠣᠭᠠᠨ ᠰᠠᠷ᠎ᠠ ᠳᠤ᠂ ᠮᠠᠷᠠᠲᠣ ᠶᠢᠨ ᠣᠪᠣᠭᠠᠨ ᠲᠠᠬᠢᠯᠭ᠎ᠠ ᠶᠢᠨ ᠨᠠᠶᠢᠷ ᠬᠢᠭᠡᠳ‌‍ᠰᠦ᠋ᠮ᠎ᠡ ᠶᠢᠨ ᠬᠤᠷᠠᠯ ᠢ ᠵᠢᠷᠭᠤᠭᠠᠨ ᠡᠳᠦᠷ ᠶᠠᠪᠣᠭᠳᠠᠭᠤᠯᠵᠣ᠂ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠶᠢᠨ ᠭᠡᠭᠡᠨ ᠪᠠᠭᠰᠢᠲᠠᠨ ᠵᠠᠮᠢᠶᠠᠨ ᠳᠣᠪᠳᠣᠨ᠂ ᠨᠣᠮ ᠤᠨ ᠪᠠᠭᠰᠢᠲᠠᠨ ᠷᠠᠰᠢᠷᠢᠨᠴᠢᠨ ᠵᠢᠴᠢ ᠪᠣᠰᠣᠳ ᠠᠷᠪᠠᠭᠠᠳ ᠯᠠᠮ᠎ᠠ ᠪᠠᠭᠰᠢ ᠨᠠᠷ ᠢ ᠵᠠᠯᠠᠵᠣ᠂ ᠪᠣᠷᠬᠠᠨ ᠤ ᠱᠣᠭᠤᠮᠠᠯ ᠢ ᠷᠠᠪᠨᠠᠶᠢᠯᠠᠭᠤᠯᠵᠣ᠂ ᠵᠢᠨᠰᠡᠷᠡᠭ ᠴᠢᠳᠬᠤᠵᠣ᠂ ᠨᠣᠮ ᠤᠨ ᠬᠤᠷᠠᠯ ᠬᠤᠷᠠᠭᠰᠠᠨ ᠪᠠ ᠦᠪᠡᠳᠡᠭᠰᠢ ᠬᠦᠭᠵᠢᠶᠡᠨ ᠲᠠᠢ ᠴᠠᠮ ᠤᠨ ᠪᠥᠵᠢᠭ ᠭᠠᠷᠭᠠᠭᠰᠠᠨ ᠶᠤᠮ᠃ ᠪᠢ ᠴᠤ ᠴᠠᠮ ᠤᠨ ᠪᠦᠵᠢᠭ ᠲᠤ ᠣᠷᠣᠯᠴᠠᠵᠠᠢ᠃1998 ᠣᠨ ᠳᠤ᠂ ᠱᠠᠨ ᠰᠢ ᠮᠤᠵᠢ ᠶᠢᠨ ᠤᠲᠠᠢ ᠠᠴᠠ ᠪᠤᠷᠬᠠᠨ ᠱᠣᠭᠤᠬᠤ ᠪᠠᠭᠰᠢ ᠵᠠᠯᠠᠵᠣ᠂ ᠮᠠᠬᠠᠷᠠᠨᠽᠠ ᠶᠢᠨ ᠲᠣᠭᠠᠩ ᠳᠤ ᠰᠢᠪᠠᠷ ᠢᠶᠠᠷ ᠳᠥᠷᠪᠡᠨ ᠮᠠᠬᠠᠷᠠᠨᠽᠠ ᠶᠢᠨ ᠱᠤᠭᠤᠮᠠᠯ ᠢ ᠪᠦᠲᠦᠭᠡᠵᠦ᠂ ᠪᠣᠰᠣᠳ ᠭᠠᠵᠠᠷ ᠠᠴᠠ ᠮᠠᠶᠢᠳᠠᠷᠢ ᠪᠣᠭᠲᠠ ᠶᠢᠨ ᠱᠣᠭᠤᠮᠠᠯ ᠢ ᠵᠠᠯᠠᠵᠣ ᠰᠠᠭᠤᠯᠭᠠᠭᠠᠳ᠂ ᠨᠠᠮᠣᠷ ᠤᠨ ᠳᠣᠮᠳᠠ ᠰᠠᠷ᠎ᠠ ᠳᠤ᠂ ᠪᠡᠭᠡᠵᠢᠩ ᠤᠨ ᠨᠠᠶᠢᠷᠠᠯᠲᠤ ᠨᠠᠶᠢᠷᠠᠮᠳᠠᠭᠤ ᠰᠦᠮ᠎ᠡ ᠶᠢᠨ ᠭᠡᠭᠡᠨ ᠪᠠᠭᠰᠢ ᠵᠠᠮᠢᠶᠠᠨ ᠳᠣᠪᠳᠣᠨ᠂ ᠨᠣᠮ ᠤᠨ ᠪᠠᠭᠰᠢ ᠷᠠᠰᠢᠷᠢᠨᠴᠢᠨ ᠪᠠᠭᠰᠢ ᠵᠡᠷᠭᠡ ᠠᠷᠪᠠ ᠭᠠᠷᠣᠢ ᠯᠠᠮ᠎ᠠ ᠪᠠᠭᠰᠢ ᠶᠢ ᠵᠠᠯᠠᠵᠣ᠂ ᠨᠤᠮ ᠤᠨ ᠬᠤᠷᠠᠯ ᠬᠤᠷᠠᠵᠣ ᠷᠠᠪᠨᠠᠶᠢᠯᠠᠭ᠎ᠠ ᠪᠦᠲᠦᠭᠡᠯᠭᠡ ᠬᠢᠯᠭᠡᠵᠡᠢ᠃ ᠡᠨᠡ ᠤᠳᠠᠭᠠᠨ ᠤ ᠨᠣᠮ ᠤᠨ ᠬᠤᠷᠠᠯ ᠳᠡᠭᠡᠷ᠎ᠡ᠂ ᠶᠡᠭᠡ ᠪᠠᠭᠰᠢ ᠰᠢᠷᠡᠪᠨᠢᠮ᠎ᠠ ᠨᠠᠳᠠ ᠳᠤ ᠨᠢᠭᠡ ᠪᠡᠶ᠎ᠡ ᠰᠢᠨ᠎ᠡ ᠬᠤᠪᠴᠠᠰᠤ ᠪᠡᠯᠭᠡᠯᠡᠵᠦ᠂ ᠰᠣᠭᠴᠢᠨ ᠲᠣᠭᠠᠩ ᠤᠨ ᠠᠷᠤ ᠲᠠᠯ᠎ᠠ ᠶᠢᠨ ᠬᠤᠶᠠᠷ ᠰᠦᠮ᠎ᠡ ᠶᠢᠨ ᠲᠣᠭᠠᠩ ᠢ ᠬᠠᠮᠢᠶᠠᠷᠤᠭᠤᠯᠪᠠ᠃ ᠲᠤᠰ ᠣᠳᠠᠭ᠎ᠠ ᠴᠦ ᠣᠷᠣᠯᠴᠠᠭᠰᠠᠨ ᠬᠦᠮᠦᠨ ᠤ ᠲᠤᠭ᠎ᠠ ᠪᠠᠷ ᠨᠡᠯᠢᠶᠡᠳ ᠠᠷᠪᠢᠨ᠂ ᠬᠡᠪᠴᠢᠶ᠎ᠡ  ᠪᠠᠷ ᠨᠡᠯᠢᠶᠡᠳ ᠶᠡᠭᠡ ᠴᠠᠮ ᠤᠨ ᠪᠥᠵᠢᠭ ᠪᠦᠵᠢᠭᠯᠡᠭᠰᠡᠨ ᠳᠤ᠂ ᠮᠢᠨᠦ ᠬᠤᠪᠢ ᠬᠦᠮᠦᠨ ᠪᠠᠰᠠ ᠣᠷᠣᠯᠴᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号