ᠲᠠᠩᠰᠢᠨᠲᠠᠢ ᠶᠢᠨ《 ᠥᠬᠢᠨ ᠲᠡᠭᠷᠢ ᠶᠢᠨ ᠰᠦᠮ᠎ᠡ》
ᠨᠡᠶᠢᠲᠡᠯᠡᠭᠰᠡᠨ ᠴᠠᠭ᠄
2024/7/3
   ᠲᠠᠩᠰᠢᠨᠲᠠᠢ ᠶᠢᠨ《 ᠥᠬᠢᠨ ᠲᠡᠭᠷᠢ ᠶᠢᠨ ᠰᠦᠮ᠎ᠡ》 ᠨᠢ ᠮᠠᠩᠨᠣᠳ ᠤᠨ ᠲᠠᠩᠰᠢᠨᠲᠠᠢ ᠭᠠᠴᠠᠭ᠎ᠠ ᠳᠤ ᠪᠠᠶᠢᠳᠠᠭ᠃ ᠲᠡᠭᠷᠢ ᠲᠡᠳᠭᠦᠭᠴᠢ ᠶᠢᠨ ᠭᠤᠴᠢᠨ ᠨᠠᠢᠮᠠᠳᠤᠭᠠᠷ ᠣᠨ ︵1773 ᠣᠨ︶ ᠳᠤ ᠪᠠᠶᠢᠭᠤᠯᠵᠠᠢ᠃ ᠰᠦᠮ᠎ᠡ ᠶᠢᠨ 3 ᠡᠭᠦᠳᠠ ᠨᠢ ᠰᠢᠭᠤᠳ《 ᠲᠤᠮᠤ ᠪᠤᠷᠬᠠᠨ ᠤ ᠲᠤᠭᠠᠩ》 ︵ᠱᠠᠬᠢᠮᠤᠨᠢ ᠪᠤᠷᠬᠠᠨ᠂ ᠡᠮᠤᠨ᠎ᠡ ᠲᠠᠯᠠᠢ ᠶᠢᠨ ᠪᠤᠬᠳᠠ ᠪᠤᠷᠬᠠᠨ︶᠂ 《ᠥᠬᠢᠨ ᠲᠡᠭᠷᠢ ᠶᠢᠨ ᠲᠤᠭᠠᠩ》 ︵ᠦᠷ᠎ᠡ ᠶᠢᠨ ᠬᠤᠳᠤᠭ ᠤᠨ ᠦᠬᠢᠨ ᠲᠡᠭᠷᠢ᠂ ᠤᠯᠠᠭᠠᠨ ᠨᠣᠳ ᠤᠨ ᠦᠬᠢᠨ ᠲᠡᠭᠷᠢ᠂ ᠴᠡᠴᠡᠭ ᠤᠨ ᠥᠬᠢᠨ ᠲᠡᠭᠷᠢ︶ ᠪᠤᠯᠤᠨ《 ᠭᠤᠷᠪᠠᠨ ᠪᠤᠭᠳᠠ ᠶᠢᠨ ᠲᠤᠭᠠᠩ》 ︵ᠺᠦᠩᠽᠢ᠂ ᠯᠣᠣ ᠵᠢᠶᠦ᠋ᠨ᠂ ᠭᠤᠸᠠᠨ ᠭᠦᠩ︶ ᠳᠤ ᠨᠡᠪᠲᠡᠷᠡᠳᠡᠭ᠃ ᠲᠡᠭᠦᠨ ᠤ ᠠᠷᠦ ᠳᠤᠨᠢ ᠭᠠᠵᠠᠷ ᠤᠨ ᠵᠢᠷᠦᠭᠡᠨ ᠪᠤᠳᠢᠰᠠᠳ᠋ᠸ᠎ᠠ ᠲᠤᠭᠠᠩ᠂ ᠯᠣᠣᠰ ᠤᠨ ᠲᠤᠭᠠᠩ ᠪᠤᠯᠤᠨ ᠤᠳᠠᠴᠢ ᠪᠣᠷᠬᠠᠨ ᠤ ᠲᠤᠭᠠᠩ ᠳᠤ ᠨᠡᠪᠲᠡᠷᠡᠨ᠎ᠡ᠃ ᠬᠠᠮᠤᠭ ᠤᠨ ᠠᠷᠦ ᠲᠠᠯ᠎ᠠ ᠳᠤᠨᠢ ᠨᠢᠭᠡᠨ ᠰᠠᠭᠤᠷᠢ ᠬᠤᠶᠠᠷ ᠲᠡᠪᠬᠤᠷ ᠲᠠᠬᠲᠦ ᠲᠠᠢ ᠪᠠᠷᠢᠯᠭ᠎ᠠ ᠪᠠᠶᠢᠳᠠᠭ᠂ ᠲᠤᠤᠷ᠎ᠠ ᠲᠠᠪᠬᠤᠷᠭ᠎ᠠ ᠳᠤᠨᠢ ᠲᠡᠭᠷᠢ᠂ ᠭᠠᠵᠠᠷ᠂ ᠬᠦᠮᠦᠨ ᠭᠤᠷᠪᠠᠨ ᠬᠠᠭᠠᠨ ᠤ ᠬᠦᠷᠦᠭ ᠲᠠᠢ᠂ ᠳᠡᠭᠡᠷ᠎ᠡ ᠲᠠᠪᠬᠤᠷᠭ᠎ᠠ ᠳᠤᠨᠢ ᠴᠠᠭᠯᠠᠰᠢ ᠦᠭᠡᠢ ᠳ᠋ᠠᠷ᠎ᠠ ᠡᠬᠡ ᠶᠢᠨ ᠬᠦᠷᠦᠭ ᠲᠠᠢ᠃ ᠶᠡᠭᠡ ᠲᠤᠭᠠᠩ ᠤᠨ ᠡᠮᠤᠨ᠎ᠡ ᠨᠢ《  ᠴᠢᠯᠠᠭᠤᠨ ᠪᠤᠷᠬᠠᠨ ᠤ ᠰᠦᠮ᠎ᠠ》᠂ 1 ᠴᠢᠯᠠᠭᠤᠨ ᠬᠦᠰᠢᠶ᠎ᠡ ᠪᠤᠯᠤᠨ 3 ᠬᠦᠵᠢ ᠵᠤᠯᠠ ᠶᠢᠨ ᠤᠩᠭᠤᠴᠠ ᠲᠠᠢ᠃    ᠥᠬᠢᠨ ᠲᠡᠭᠷᠢ ᠶᠢᠨ ᠰᠦᠮ᠎ᠡ》 ᠨᠢ ᠵᠢᠯ ᠪᠦᠷᠢ ᠶᠢᠨ ᠭᠤᠷᠪᠠᠨ ᠰᠠᠷ᠎ᠠ ᠶᠢᠨ ᠠᠷᠪᠠᠨ ᠨᠠᠢᠮᠠᠨ ᠤ ᠡᠳᠤᠷ ᠠᠴᠠ ᠡᠬᠢᠯᠡᠨ 6 ᠡᠳᠤᠷ ᠤᠨ ᠬᠤᠭᠤᠴᠠᠭ᠎ᠠ ᠲᠠᠢ ᠰᠦᠮ᠎ᠡ ᠶᠢᠨ ᠬᠤᠷᠠᠯ ᠬᠤᠷᠠᠯᠳᠤᠭᠤᠯᠳᠠᠭ᠃ ᠬᠤᠷᠠᠯ ᠳᠡᠭᠡᠷ᠎ᠡ ᠲᠤᠬᠠᠢ ᠶᠢᠨ ᠦᠶ᠎ᠡ ᠶᠢᠨ ᠡᠷᠬᠢᠨ ᠲᠤᠭᠤᠷᠢᠨ ᠤ ᠵᠠᠭᠤ ᠢᠯᠡᠬᠦᠦ ᠭᠠᠵᠠᠷ ᠤᠨ ᠭᠠᠴᠠᠭᠠᠨ ᠠᠷᠠᠳ ᠢᠷᠡᠵᠦ ᠬᠦᠵᠢ ᠠᠰᠠᠭᠠᠨ ᠠᠮᠠᠯᠠᠬᠰᠠᠨ ᠥᠭᠯᠢᠭᠡ ᠪᠠᠨ ᠪᠠᠷᠢᠵᠦ᠂ ᠠᠵᠠ ᠪᠤᠶᠠᠨ ᠭᠤᠶᠤᠵᠦ᠂ ᠭᠠᠢ ᠪᠠᠷᠴᠢᠳ ᠢᠶᠠᠨ ᠠᠷᠢᠯᠭᠠᠬᠤ ᠶᠢ ᠳᠠᠭᠠᠳᠬᠠᠳᠠᠭ᠃ ᠰᠦᠮ᠎ᠡ ᠶᠢᠨ ᠬᠤᠷᠠᠯ ᠬᠥᠭᠵᠢᠶᠡᠨᠲᠡᠢ ᠦᠶ᠎ᠡ ᠳᠤ ᠪᠠᠨ 10 ᠲᠦᠮᠡᠨ ᠬᠦᠮᠦᠨ ᠤᠳᠠᠭ᠎ᠠ ᠶᠢ ᠳᠠᠪᠠᠳᠠᠭ᠃ 1966  ᠣᠨ ᠳᠤ ᠰᠦᠮ᠎ᠡ ᠨᠢ ᠡᠪᠳᠡᠭᠳᠡᠪᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号