| | ᠪᠠᠭ᠎ᠠ ᠰᠤᠪᠤᠷᠭ᠎ᠠ ᠨᠢ ᠯᠢᠶᠤᠤ ᠣᠯᠣᠰ ᠤᠨ ᠲᠤᠮᠳᠠᠳᠦ ᠨᠡᠶᠢᠰᠯᠡᠯ ᠤᠨ ᠭᠠᠳᠠᠷ ᠬᠤᠲᠠ ᠳᠤ ᠪᠠᠶᠢᠵᠦ᠂ ᠲᠤᠳᠤᠷ | ᠬᠤᠲᠠ ᠶᠢᠨ ᠡᠮᠤᠨ᠎ᠠ ᠡᠬᠦᠳᠡ ︵ᠶᠠᠩ ᠳ᠋ᠧ ᠡᠬᠦᠳᠡ︶ ᠠᠴᠠ ᠪᠠᠷᠠᠭᠤᠨᠰᠢ 0.5 ᠺᠢᠯᠤᠮᠧᠲᠷ ᠤᠨ ᠵᠠᠶᠢᠲᠠᠢ ᠪᠤᠢ᠃ | ᠠᠯᠳᠠᠨ ᠣᠯᠣᠰ ᠤᠨ ᠳ᠋ᠠ ᠳ᠋ᠢᠩ ᠭᠤᠷᠪᠠᠳᠤᠭᠠᠷ ᠣᠨ ︵1163︶ ᠳᠤ ᠪᠠᠶᠢᠭᠤᠯᠪᠠ᠃ ᠠᠯᠲᠠᠨ ᠣᠯᠣᠰ ᠤᠨ | ᠦᠶ᠎ᠡ ᠶᠢᠨ ᠪᠠᠭ᠎ᠠ ᠰᠤᠪᠤᠷᠭ᠎ᠠ ᠶᠢᠨ ᠪᠦᠬᠦ ᠤᠷᠳᠤ ᠨᠢ 24 ᠮᠧᠲᠷ᠂ ᠨᠠᠢᠮᠠᠯᠵᠢᠨ ᠲᠠᠯ᠎ᠠ ᠲᠠᠢ᠂ ᠰᠠᠭᠤᠷᠢ ᠲᠠᠯ᠎ᠠ ᠶᠢᠨ | ᠤᠷᠲᠦ ᠨᠢ 3.3 ᠮᠧᠲᠷ᠂ ᠲᠤᠭᠤᠰᠭᠠ ᠪᠠᠷ ᠪᠠᠷᠢᠬᠰᠠᠨ ᠠᠷᠪᠠᠨ ᠭᠤᠷᠪᠠᠨ ᠦᠶᠡᠲᠦ ᠬᠠᠶᠢᠴᠢᠨ ᠰᠠᠷᠠᠪᠴᠢ ᠲᠠᠢ | ᠰᠤᠪᠤᠷᠭ᠎ᠠ ᠪᠤᠯᠤᠨ᠎ᠠ᠃ | ᠰᠤᠪᠤᠷᠭ᠎ᠠ ᠶᠢᠨ ᠡᠷᠬᠢᠨ ᠲᠤᠭᠤᠷᠢᠨ ᠳᠤ ᠰᠠᠭᠤᠷᠢ ᠦᠭᠡᠢ᠂ ᠲᠡᠭᠰᠢ ᠭᠠᠵᠠᠷ ᠳᠡᠭᠡᠷ᠎ᠡ ᠰᠢᠭᠤᠳ ᠪᠣᠰᠬᠠᠵᠠᠢ᠃ | ᠬᠠᠮᠤᠭ ᠲᠤᠤᠷ᠎ᠠ ᠲᠠᠪᠬᠤᠷᠭ᠎ᠠ ᠨᠢ ᠰᠤᠪᠤᠷᠭ᠎ᠠ ᠶᠢᠨ ᠰᠠᠭᠤᠷᠢ ᠪᠠᠶᠢᠵᠦ᠂ 2.7 ᠮᠧᠲᠷ ᠦᠨᠳᠦᠷ᠃ ᠨᠠᠢᠮᠠᠨ | ᠲᠠᠯ᠎ᠠ ᠶᠢᠨ ᠲᠥᠪ ᠲᠤᠮᠳᠠ ᠨᠢ ᠪᠦᠷ ᠭᠡᠪᠲᠡᠭᠡ ᠠᠷᠰᠠᠯᠠᠨ ᠪᠠ ᠬᠦᠴᠦᠲᠡᠨ ᠢ ᠰᠡᠶᠢᠯᠵᠦ᠂ ᠭᠡᠪᠲᠡᠭᠡ ᠠᠷᠰᠯᠠᠨ ᠪᠠ | ᠬᠦᠴᠦᠲᠡᠨ ᠨᠢ ᠰᠦᠭᠦᠳᠦᠭᠰᠡᠨ ᠬᠡᠯᠪᠡᠷᠢ ᠲᠠᠢ᠂ ᠲᠡᠭᠦᠨ ᠤ ᠪᠤᠭᠤᠨᠢ ᠪᠦᠳᠦᠬᠦᠨ ᠢᠳᠡᠷᠡᠭᠦᠨ ᠪᠡᠶ᠎ᠡ ᠪᠢᠯᠳᠡᠷ ᠨᠢ | ᠰᠦᠷᠯᠢᠭ ᠲᠤᠮᠤ ᠬᠦᠴᠦ ᠴᠢᠳᠠᠯ ᠲᠠᠢ ᠬᠠᠷᠠᠬᠳᠠᠨ᠂ ᠯᠢᠩᠬᠤ᠎ᠠ ᠠᠴᠠ ᠳᠡᠭᠡᠭᠰᠢ ᠪᠠᠶᠢᠬᠤ ᠡᠯ᠎ᠡ ᠭᠡᠰᠡᠭ ᠢ ᠪᠦᠬᠦ | ᠬᠦᠴᠦᠨ ᠢᠶᠠᠷ ᠢᠶᠠᠨ ᠡᠷᠭᠦᠵᠦ ᠪᠠᠶᠢᠭ᠎ᠠ ᠰᠢᠭ᠋ ᠬᠠᠷᠠᠬᠳᠠᠳᠠᠭ᠃ | ᠭᠡᠪᠲᠡᠭᠡ ᠠᠷᠰᠠᠯᠠᠨ ᠪᠠ ᠬᠦᠴᠦᠲᠡᠨ ᠤ ᠳᠡᠭᠡᠷ᠎ᠡ ᠲᠠᠯ᠎ᠠ ᠳᠤ ᠲᠤᠭᠤᠰᠭᠠ ᠪᠠᠷ ᠰᠡᠶᠢᠯᠤᠭ᠍ᠰᠡᠨ ᠨᠢᠭᠡ ᠲᠤᠭᠤᠷᠢᠭ | ᠭᠠᠭᠴᠠ ᠲᠡᠯᠪᠢ ᠲᠠᠢ ᠯᠢᠩᠬᠤ᠎ᠠ ᠴᠡᠴᠡᠭ ᠲᠠᠢ᠂ ᠯᠢᠩᠬᠤ᠎ᠠ ᠴᠡᠴᠡᠭ ᠠᠴᠠ ᠨᠢᠭᠡᠳᠤᠭᠡᠷ ᠲᠡᠪᠬᠤᠷ ᠤᠨ | ᠰᠠᠷᠠᠪᠴᠢᠨ ᠠᠴᠠ ᠲᠤᠷᠤᠬᠰᠢ ᠪᠤᠯ ᠬᠥᠩᠭᠠᠷᠠᠪᠠ ᠶᠢᠨ ᠭᠡᠰᠡᠭ ᠪᠠᠶᠢᠵᠦ᠂ ᠡᠮᠤᠨ᠎ᠠ ᠬᠤᠶᠢᠨ᠎ᠠ ᠵᠡᠭᠦᠨ ᠪᠠᠷᠠᠭᠤᠨ | ᠲᠦᠷᠪᠡᠨ ᠠᠰ ᠲᠠᠯ᠎ᠠ ᠳᠤ ᠭᠤᠯᠳᠤᠩ ᠵᠡᠷᠭᠡᠯᠡᠭᠰᠡᠨ ᠨᠤᠮᠤᠨ ᠬᠡᠯᠪᠡᠷᠢᠲᠦ ᠬᠦᠩᠭᠠᠷᠠᠪᠠ ᠲᠠᠢ᠂ ᠬᠦᠩᠭᠠᠷᠠᠪᠠ ᠶᠢᠨ | ᠲᠡᠭᠡᠷ᠎ᠡ ᠰᠢᠬᠦᠷ ᠰᠡᠶᠢᠯᠵᠦ᠂ ᠬᠦᠩᠭᠠᠷᠠᠪᠠ ᠲᠤᠳᠤᠷ᠎ᠠ ᠨᠢ ᠨᠢᠭᠡᠨᠲᠠ ᠪᠤᠷᠬᠠᠨ ᠤ ᠬᠦᠷᠦᠭ ᠦᠭᠡᠢ ᠪᠣᠯᠵᠠᠢ᠃ ᠪᠤᠰᠤᠳ | ᠲᠦᠷᠪᠡᠨ ᠲᠠᠯ᠎ᠠ ᠶᠢᠨ ᠬᠦᠩᠭᠠᠷᠠᠪᠠ ᠶᠢ ᠬᠦᠳᠦᠭᠡᠷ ᠰᠡᠶᠢᠯᠤᠮᠡᠯ ᠢᠶᠠᠷ ᠵᠤᠬᠢᠶᠠᠵᠦ᠂ ᠲᠤᠳᠤᠷ᠎ᠠ ᠨᠢ ᠲᠣᠰ ᠲᠣᠰ 1.66 | ᠮᠧᠲᠷ ᠦᠨᠳᠦᠷ ᠪᠡᠷ᠎ᠡ ᠪᠤᠯᠤᠬᠴᠢ ᠨᠢᠭᠡ ᠬᠤᠣᠰ ᠪᠠᠶᠢᠵᠦ᠂ ᠪᠠᠷ᠎ᠠ ᠪᠤᠯᠤᠬᠴᠢ ᠶᠢᠨ ᠲᠤᠯᠤᠭᠠᠢ ᠳᠡᠭᠡᠷ᠎ᠡ ᠨᠢ ᠨᠢᠰᠬᠦ | ᠲᠡᠬᠢᠨᠢ ᠶᠢ ᠰᠡᠶᠢᠯᠵᠦ᠂ ᠵᠢᠷᠤᠭᠠᠰᠦ ᠨᠢ ᠤᠷᠠᠨ ᠨᠠᠷᠢᠯᠢᠭ᠂ ᠤᠷᠤᠰᠤᠮᠡ ᠬᠡᠪ ᠤᠨ ᠪᠠᠶᠢᠳᠠᠯ ᠲᠠᠢ᠃ ᠡᠯ᠎ᠡ ᠲᠠᠯ᠎ᠠ ᠶᠢᠨ | ᠮᠤᠷᠤᠢ ᠦᠨᠴᠦᠭ ᠢ ᠲᠦᠭᠦᠷᠢᠭ ᠪᠠᠭᠠᠨ᠎ᠠ ᠪᠣᠯᠭᠠᠨ ᠰᠠᠶᠢᠯᠪᠤᠷᠢᠯᠡᠨ ᠦᠷᠦᠵᠦ᠂ ᠲᠡᠭᠦᠨ ᠤ ᠳᠡᠭᠡᠲᠦ ᠦᠵᠦᠭᠦᠷ ᠲᠤ | ᠲᠦᠷᠪᠡᠯᠵᠢᠨ ᠮᠠᠶᠢᠯᠠᠰᠦᠨ ᠮᠤᠳᠦ ᠶᠢ ᠱᠤᠷᠤᠯᠠᠨ ᠲᠠᠯᠪᠢᠵᠦ᠂ ᠰᠣᠮᠣ ᠮᠤᠳᠤᠨ ᠳᠡᠭᠡᠷ᠎ᠡ ᠲᠤᠯᠭᠠᠭᠤᠷᠢ ᠶᠢᠨ ᠲᠤᠯᠤᠭᠠᠢ | ᠰᠡᠶᠢᠯᠵᠦ ᠭᠤᠯᠳᠤᠩᠰᠢᠭᠤᠯᠵᠠᠢ᠃ ᠬᠤᠶᠠᠷ ᠪᠠᠭᠠᠨ᠎ᠠ ᠶᠢᠨ ᠬᠤᠭᠤᠷᠤᠨᠲᠦ ᠵᠢᠰᠢᠭᠦᠦ ᠭᠤᠯᠳᠤᠩ ᠢᠶᠠᠷ ᠲᠠᠰᠤᠯᠭ᠎ᠠ | ᠲᠡᠪᠢᠰᠴᠦ᠂ ᠲᠡᠬᠢᠨ ᠳᠡᠭᠡᠭᠰᠢ ᠰᠠᠷᠠᠪᠴᠢ ᠳᠤ ᠵᠠᠯᠭᠠᠨ᠂ ᠰᠤᠮᠤ ᠮᠤᠳᠤᠨ ᠳᠡᠭᠡᠷ᠎ᠡ ᠮᠠᠶᠢᠯᠠᠰᠤᠨ ᠤᠨᠢ ᠳᠠᠭᠠᠷᠠᠭᠤᠯᠵᠤ᠂ | ᠰᠢᠭᠤᠳ ᠠᠷᠪᠠᠨ ᠭᠤᠷᠪᠠᠨ ᠲᠠᠪᠬᠤᠷᠯᠢᠭ ᠲᠤ ᠬᠦᠷᠴᠠᠢ᠃ ᠡᠯ᠎ᠡ ᠲᠠᠪᠬᠤᠷ ᠨᠢ ᠴᠦᠮ ᠮᠠᠶᠢᠯᠠᠰᠤᠨ ᠮᠣᠳᠣᠨ | ᠤᠨᠢ ᠶᠢ ᠬᠡᠷᠩᠯᠡᠵᠦ᠂ ᠲᠠᠪᠬᠤᠷ ᠤᠨ ᠬᠤᠭᠤᠷᠤᠨᠳᠡᠬᠢ ᠰᠤᠪᠤᠷᠭ᠎ᠠ ᠶᠢᠨ ᠪᠡᠶ᠎ᠡ ᠶᠢ ᠦᠷᠦᠭᠰᠡᠨ ᠲᠤᠭᠤᠰᠭᠠ ᠶᠢ | ᠭᠡᠪᠳᠡᠭᠦᠯᠦᠨ ᠵᠡᠷᠭᠡᠯᠡᠭᠰᠡᠨ ᠠᠴᠠ ᠭᠠᠳᠠᠨ᠎ᠠ᠂ ᠪᠤᠰᠤᠳ ᠢ ᠨᠢ ᠪᠦᠷ ᠲᠦᠷᠪᠡᠨ ᠲᠠᠪᠬᠤᠷ ᠲᠤᠭᠤᠰᠭᠠ ᠶᠢ ᠲᠠᠪᠬᠤᠷᠯᠠᠨ | ᠲᠡᠪᠢᠰᠴᠦ ᠢᠪᠡᠵᠦ ᠪᠤᠰᠬᠠᠵᠠᠢ᠃ ᠲᠠᠪᠬᠤᠷᠭ᠎ᠠ ᠪᠦᠷᠢ ᠶᠢᠨ ᠦᠩᠭᠡᠨ ᠲᠠᠯ᠎ᠠ ᠶᠢᠨ ᠲᠤᠭᠤᠰᠭᠠ ᠪᠠᠷ ᠸᠠᠭᠠᠷ ᠢ | ᠣᠷᠣᠯᠠᠭᠤᠯᠤᠨ ᠲᠠᠪᠬᠤᠷᠯᠠᠨ ᠦᠷᠦᠭᠰᠡᠨ ᠪᠠᠶᠢᠨ᠎ᠠ᠃ | ᠭᠠᠨᠵᠢᠷ᠎ᠠ ᠨᠢ ᠪᠠᠭ᠎ᠠ ᠰᠤᠪᠤᠷᠭ᠎ᠠ ᠬᠡᠯᠪᠡᠷᠢ ᠲᠠᠢ᠂ ᠡᠮᠤᠨ᠎ᠡ ᠲᠠᠯ᠎ᠠ ᠳᠤ ᠵᠢᠵᠢᠭ ᠭᠥᠩᠭᠠᠷᠠᠪᠠ ᠲᠠᠢ᠂ ᠳᠡᠭᠡᠷ᠎ᠡ ᠨᠢ | ᠲᠤᠭᠤᠰᠭᠠ ᠪᠠᠷ ᠡᠷᠳᠡᠨᠢ ᠶᠢᠨ ᠰᠤᠪᠤᠳ ᠪᠠ ᠭᠠᠯ ᠢ ᠰᠡᠶᠢᠯᠵᠦ᠂ ᠲᠡᠭᠦᠨ ᠤ ᠤᠷᠤᠢ ᠶᠢ ᠪᠢᠳᠡᠭᠦᠮᠵᠢᠯᠡᠵᠠᠢ᠃ | ᠰᠤᠪᠤᠷᠭᠠᠨ ᠤ ᠠᠰ ᠡᠮᠤᠨ᠎ᠡ ᠲᠠᠯ᠎ᠠ ᠶᠢᠨ ᠭᠥᠩᠭᠠᠷᠠᠪᠠ ᠶᠢᠨ ᠬᠤᠶᠠᠷ ᠲᠠᠯ᠎ᠠ ᠳᠤ ᠦᠷᠭᠡᠨ ᠨᠢ 8 ᠰᠡᠨᠲ᠋ᠢᠮᠧᠲᠷ᠂ | ᠦᠨᠳᠦᠷ ᠨᠢ13 ᠰᠡᠨᠲ᠋ᠢᠮᠧᠲᠷ᠂ ᠮᠦᠷ ᠤᠨ ᠦᠨᠳᠦᠷ ᠨᠢ 2 ᠮᠧᠲᠷ᠂ ᠬᠤᠶᠠᠷ ᠮᠦᠷ ᠮᠣᠩᠭᠤᠯ ᠦᠰᠦᠭ ᠤᠨ | ᠬᠤᠳᠤᠭᠤᠷ ᠰᠡᠶᠢᠯᠤᠮᠡᠯ ᠪᠤᠢ᠃《 ᠲᠦᠷᠪᠡᠨ ᠵᠦᠭ ᠤᠨ ᠰᠦᠰᠦᠭ ᠲᠠᠨ ᠤ ᠦᠭᠯᠢᠭᠡ ᠶᠢᠨ ᠤᠷᠤᠨ᠂ ᠠᠯᠢᠪᠠ | ᠰᠦᠰᠦᠭ ᠲᠠᠨ ᠤ ᠦᠭᠯᠢᠭᠡ ᠶᠢᠨ ᠤᠷᠤᠨ 》 ᠡᠶᠢᠮᠦ ᠬᠤᠶᠠᠷ ᠮᠦᠷ ᠦᠰᠦᠭ ᠲᠠᠢ᠃ | ᠪᠠᠭ᠎ᠠ ᠰᠤᠪᠤᠷᠭ᠎ᠠ ᠶᠢᠨ ᠡᠮᠤᠨᠡᠬᠢ ᠬᠤᠭᠤᠰᠣᠨ ᠭᠠᠵᠠᠷ ᠲᠤ ᠲᠤᠮᠦ ᠰᠦᠮ᠎ᠡ ᠶᠢᠨ ᠪᠠᠷᠢᠯᠭ᠎ᠠ ᠶᠢᠨ ᠪᠠᠭᠤᠷᠢ ᠪᠤᠢ᠂ | ᠬᠥᠬᠡ ᠲᠤᠭᠤᠰᠭᠠ ᠸᠠᠭᠠᠷ ᠪᠠ ᠨᠤᠭᠤᠭᠠᠨ ᠰᠢᠯ ᠸᠠᠭᠠᠷ ᠤᠨ ᠬᠡᠯᠳᠡᠷᠬᠡᠢ ᠵᠢᠴᠢ ᠵᠢᠶᠦ᠋ᠨ ᠶᠤᠤ ᠶᠢᠨ ᠱᠠᠭᠠᠵᠠᠩ ᠤᠨ | ᠬᠠᠭᠠᠷᠬᠠᠢ ᠲᠠᠷᠢᠶᠠᠨ ᠭᠠᠵᠠᠷ ᠲᠤ ᠬᠠᠶᠠ ᠬᠠᠷᠠᠬᠳᠠᠳᠠᠭ᠃ | | |