ᠨᠠᠰᠤᠳᠠᠢ ᠬᠦᠮᠦᠨ ᠶᠠᠮᠠᠷ ᠦᠶᠡᠰ ᠴᠠᠢ ᠤᠤᠭᠤᠵᠤ ᠪᠤᠯᠬᠤ ᠦᠭᠡᠢ ᠪᠤᠢ
ᠨᠡᠶᠢᠲᠡᠯᠡᠭᠰᠡᠨ ᠴᠠᠭ᠄
2015/10/15
       ᠦᠯᠦᠨ ᠢᠶᠠᠷ ᠴᠠᠢ ᠤᠤᠭᠤᠵᠤ ᠪᠤᠯᠬᠤ ᠦᠭᠡᠢ᠃ ᠤᠴᠢᠷ ᠨᠢ ᠴᠠᠢ ᠳᠤ ᠺᠤᠹᠧᠶ᠋ᠢᠨ ᠵᠡᠷᠭᠡ ᠠᠮᠢᠳᠤ ᠪᠤᠳᠠᠰ ᠤᠨ ᠱᠦᠯᠳᠦ ᠠᠬᠤᠭᠤᠯᠵᠤ ᠪᠠᠶᠢᠳᠠᠬ ᠪᠤᠯᠬᠤᠷ ᠦᠯᠦᠨ ᠢᠶᠠᠷ ᠴᠠᠢ ᠤᠤᠭᠤᠪᠠᠯ ᠺᠤᠹᠧ ᠶᠢᠨ ᠱᠦᠯᠳᠦ ᠶᠢ ᠭᠡᠳᠦ ᠠᠷᠪᠢᠨ ᠰᠢᠮᠡᠳᠭᠡᠨ ᠠᠪᠴᠤ᠂ ᠵᠠᠷᠢᠮ ᠬᠦᠮᠦᠨ ᠳᠤ ᠵᠢᠷᠦᠭᠡ ᠲᠦᠭᠰᠢᠬᠦ᠂ ᠲᠤᠯᠤᠭᠠᠢ ᠡᠷᠬᠢᠬᠦ᠂ ᠬᠦᠯ ᠭᠠᠷ ᠨᠢ ᠲᠠᠮᠢᠷ ᠦᠭᠡᠢ ᠪᠤᠯᠬᠤ᠂ ᠰᠡᠳᠬᠢᠯ ᠰᠠᠨᠠᠭ᠎ᠠ ᠡᠭᠡᠳᠡᠷᠡᠬᠦ ᠵᠡᠷᠭᠡ ᠪᠠᠶᠢᠳᠠᠯ ᠢᠯᠡᠷᠡᠳᠡᠭ ᠪᠠᠶᠢᠨ᠎ᠠ᠃ ᠦᠷᠬᠦᠯᠵᠢ ᠴᠠᠢ ᠤᠤᠭᠤᠳᠠᠬ ᠦᠭᠡᠢ ᠬᠦᠮᠦᠨ᠂ ᠢᠯᠠᠩᠭᠤᠶ᠎ᠠ ᠦᠷᠯᠦᠭᠡ ᠡᠷᠳᠡ ᠦᠯᠦᠨ ᠢᠶᠠᠷ ᠴᠠᠢ ᠤᠤᠭᠤᠪᠠᠯ᠂ ᠨᠡᠩ ᠬᠢᠯᠪᠠᠷᠬᠠᠨ ᠲᠡᠭᠡᠷ᠎ᠠ ᠲᠤᠷᠠᠳᠤᠬᠰᠠᠨ ᠢᠯᠡᠷᠡᠯ ᠭᠠᠷᠳᠠᠬ ᠶᠤᠮ᠃ ᠡᠬᠦᠨ ᠢ ᠴᠠᠢ ᠳᠤ ᠰᠤᠬᠳᠤᠬᠤ ᠭᠡᠳᠡᠭ ᠶᠤᠮ᠂ ᠬᠡᠷᠪᠡ ᠴᠠᠢ ᠳᠤ ᠰᠤᠬᠳᠤᠬᠰᠠᠨ ᠪᠠᠶᠢᠳᠠᠯ ᠢᠯᠡᠷᠡᠪᠡᠯ  ᠂ ᠰᠢᠬᠢᠷ ᠢᠳᠡᠬᠦ ᠪᠤᠶᠤ ᠰᠢᠬᠢᠷ ᠲᠠᠢ ᠤᠰᠤ ᠤᠤᠭᠤᠪᠠᠯ ᠨᠠᠮᠳᠠᠬᠤ ᠪᠤᠯᠤᠨ᠎ᠠ᠃ ᠵᠠᠯᠠᠭᠤ ᠬᠦᠮᠦᠰ ᠲᠠᠢ ᠠᠳᠠᠯᠢᠳᠬᠠᠪᠠᠯ᠂ ᠨᠠᠰᠤᠳᠠᠢ ᠬᠦᠮᠦᠨ ᠤ ᠬᠤᠳᠤᠭᠤᠳᠤ ᠭᠡᠳᠡᠰᠦ ᠨᠢ ᠪᠠᠭᠤᠷᠠᠢ ᠶᠤᠮ᠂ ᠬᠤᠳᠤᠭᠤᠳᠤ᠂ ᠨᠤᠭᠤᠯᠤᠭᠤᠷ ᠭᠡᠳᠡᠰᠦᠨ ᠤ ᠰᠢᠷᠬᠠᠯᠠᠭ᠎ᠠ ᠲᠠᠢ ᠢᠳᠡᠷ ᠪᠤᠶᠤ ᠨᠠᠰᠤᠳᠠᠢ ᠬᠦᠮᠦᠨ ᠨᠡᠩ ᠴᠤ ᠦᠯᠦᠨ ᠢᠶᠠᠷ ᠴᠠᠢ ᠤᠤᠭᠤᠵᠤ ᠪᠤᠯᠬᠤ ᠦᠭᠡᠢ᠂ ᠢᠯᠠᠩᠭᠤᠶ᠎ᠠ ᠡᠭᠡᠬᠦᠨ ᠴᠠᠢ ᠤᠤᠭᠤᠵᠤ ᠪᠤᠯᠬᠤ ᠦᠭᠡᠢ᠃ ᠤᠴᠢᠷ ᠨᠢ ᠭᠡᠳᠦ ᠠᠷᠪᠢᠨ ᠲᠠᠨᠨᠢᠨ ᠬᠦᠴᠢᠯ ᠨᠢ ᠬᠤᠳᠤᠭᠤᠳᠤ ᠭᠡᠳᠡᠰᠦᠨ ᠤ ᠰᠠᠯᠢᠰᠤᠳᠤ ᠪᠦᠷᠬᠦᠪᠴᠢ ᠳᠤ ᠰᠡᠳᠡᠯᠳᠡ ᠦᠭᠴᠤ᠂ ᠡᠪᠡᠳᠴᠢᠨ ᠤ ᠪᠠᠶᠢᠳᠠᠯ ᠢ ᠬᠦᠨᠳᠦᠷᠡᠬᠦᠯᠦᠨ᠂ ᠵᠠᠷᠢᠮ ᠨᠢ ᠰᠢᠩᠭᠡᠭᠡᠯᠳᠡ ᠮᠠᠭᠤᠳᠠᠬᠤ ᠪᠤᠶᠤ ᠬᠤᠷᠭᠤᠰᠤᠯᠠᠬᠤ ᠪᠤᠯᠤᠨ᠎ᠠ᠃        ᠰᠤᠬᠳᠤᠬᠰᠠᠨ ᠦᠶᠡᠰ ᠴᠠᠢ ᠤᠤᠭᠤᠵᠤ ᠪᠤᠯᠬᠤ ᠦᠭᠡᠢ᠃ ᠴᠠᠢ ᠨᠢ ᠮᠡᠳᠡᠷᠡᠯ ᠤᠨ ᠲᠦᠪ ᠢ ᠬᠦᠭᠡᠷᠦᠬᠦᠯᠬᠦ ᠦᠢᠯᠡᠳᠦᠯ ᠲᠠᠢ ᠶᠤᠮ᠃ ᠰᠤᠬᠳᠤᠬᠰᠠᠨ ᠤ ᠲᠠᠷᠠᠭ᠎ᠠ  ᠡᠭᠡᠬᠦᠨ  ᠴᠠᠢ  ᠤᠤᠭᠤᠪᠠᠯ᠂ ᠵᠢᠷᠦᠭᠡᠨ ᠤ ᠲᠠᠷᠤᠭᠠᠰᠤ ᠶᠢ ᠬᠦᠨᠳᠦᠷᠡᠬᠦᠯᠬᠦ ᠪᠤᠯᠤᠨ᠎ᠠ᠃ ᠵᠢᠷᠦᠭᠡ ᠬᠠᠷ᠎ᠠ ᠪᠦᠭᠡᠷ᠎ᠠ ᠶᠢᠨ ᠴᠢᠳᠠᠪᠤᠷᠢ ᠨᠡᠯᠢᠶᠡᠳ ᠠᠨᠠᠢ ᠨᠠᠰᠤᠳᠠᠢ ᠬᠦᠮᠦᠨ ᠢᠶᠠᠷ  ᠠᠪᠴᠤ ᠭᠡᠯᠡᠪᠡᠯ᠂ ᠠᠷᠢᠬᠢᠨ ᠤ ᠲᠠᠷᠠᠭ᠎ᠠ ᠡᠭᠡᠬᠦᠨ ᠴᠠᠢ ᠶᠢ ᠶᠡᠭᠡ ᠭᠡᠮᠵᠢᠶ᠎ᠠ ᠪᠠᠷ ᠤᠤᠭᠤᠵᠤ ᠪᠤᠯᠬᠤ ᠦᠭᠡᠢ᠃ ᠶᠡᠭᠡ ᠭᠡᠮᠵᠢᠶᠡᠨ ᠤ ᠵᠢᠮᠢᠰ ᠢᠳᠡᠬᠦ ᠪᠤᠶᠤ  ᠪᠠᠭ᠎ᠠ  ᠼᠤᠤ ᠤᠤᠭᠤᠬᠤ ᠵᠡᠷᠭᠡ ᠠᠷᠭ᠎ᠠ  ᠪᠠᠷ  ᠬᠦᠮᠦᠨ ᠤ ᠪᠡᠶ᠎ᠡ  ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠲᠦᠷᠭᠡᠳᠭᠡᠪᠡᠯ ᠠᠷᠢᠬᠢ ᠶᠢ ᠰᠡᠷᠬᠦᠭᠡᠬᠦ ᠪᠤᠯᠤᠨ᠎ᠠ᠃        ᠤᠨᠳᠠᠬᠤ ᠠᠴᠠ ᠪᠠᠨ ᠡᠮᠦᠨ᠎ᠠ ᠴᠠᠢ ᠤᠤᠭᠤᠵᠤ ᠪᠤᠯᠬᠤ ᠦᠭᠡᠢ᠃ ᠴᠠᠢ ᠶᠢᠨ ᠲᠤᠳᠤᠷᠠᠬᠢ ᠱᠦᠯᠳᠦ ᠵᠡᠷᠭᠡ ᠪᠤᠳᠠᠰ ᠨᠢ ᠬᠦᠮᠦᠨ ᠤ ᠪᠡᠶ᠎ᠡ ᠳᠤ ᠰᠢᠮᠡᠳᠭᠡᠭᠳᠡᠭᠰᠡᠨ ᠤ ᠲᠠᠷᠠᠭ᠎ᠠ᠂ ᠲᠦᠪ ᠮᠡᠳᠡᠷᠡᠯ ᠤᠨ ᠰᠢᠰᠲ᠋ᠧᠮ ᠢᠯᠡᠷᠭᠡᠢ ᠬᠦᠭᠡᠷᠦᠯᠳᠡ ᠲᠠᠢ ᠪᠤᠯᠵᠤ᠂ ᠴᠠᠢ ᠤᠤᠭᠤᠬᠰᠠᠨ ᠤ ᠲᠠᠷᠠᠭ᠎ᠠ ᠤᠶᠤᠨ ᠰᠠᠨᠠᠭ᠎ᠠ ᠨᠢ ᠭᠦᠭᠡᠷᠴᠤ᠂ ᠨᠦᠢᠷ ᠢ ᠨᠦᠯᠦᠭᠡᠯᠡᠨ ᠂ ᠴᠢᠨᠠᠬᠰᠢᠯᠠᠪᠠᠯ ᠨᠦᠢᠷ ᠠᠯᠳᠠᠭᠤᠯᠵᠤ᠂ ᠢᠯᠠᠩᠭᠤᠶ᠎ᠠ ᠰᠢᠨ᠎ᠠ ᠰᠤᠷᠭᠤᠬ ᠨᠤᠭᠤᠭᠠᠨ ᠴᠠᠢ ᠤᠤᠭᠤᠬᠤ ᠨᠢ ᠨᠡᠩ ᠢᠯᠡᠷᠭᠡᠢ ᠪᠠᠶᠢᠳᠠᠬ᠃ ᠪᠠᠰᠠ ᠴᠠᠢ ᠨᠢ ᠰᠢᠭᠡᠰᠦ ᠶᠢ  ᠰᠢᠯᠤᠭᠤᠳᠬᠠᠳᠠᠬ ᠪᠤᠯᠬᠤᠷ ᠨᠠᠰᠤᠳᠠᠢ ᠬᠦᠮᠦᠨ ᠤᠨᠳᠠᠬᠤ ᠠᠴᠠ ᠪᠠᠨ ᠡᠮᠦᠨ᠎ᠠ ᠴᠠᠢ ᠤᠤᠭᠤᠪᠠᠯ ᠰᠦᠨᠢ ᠳᠡᠭᠡᠨ ᠰᠢᠭᠡᠬᠦ ᠲᠤᠭ᠎ᠠ ᠨᠢ ᠤᠯᠠᠰᠢᠷᠠᠵᠤ᠂ ᠨᠦᠢᠷ ᠢ ᠨᠦᠯᠦᠭᠡᠯᠡᠨ᠎ᠠ᠃        ᠡᠮ ᠤᠤᠭᠤᠵᠤ ᠪᠠᠶᠢᠬᠤ ᠬᠤᠭᠤᠴᠠᠭᠠᠨ ᠳᠤ ᠴᠠᠢ ᠤᠤᠭᠤᠵᠤ ᠪᠤᠯᠬᠤ ᠦᠭᠡᠢ᠃ ᠵᠠᠷᠢᠮ ᠤᠳᠠᠭᠠᠨ ᠴᠢᠨᠠᠷᠳᠠᠢ ᠡᠪᠡᠳᠴᠢᠨ ᠤᠯᠤᠬᠰᠠᠨ ᠨᠠᠰᠤᠳᠠᠢ ᠬᠦᠮᠦᠨ ᠤᠷᠳᠤ ᠬᠤᠭᠤᠴᠠᠭ᠎ᠠ ᠪᠠᠷ ᠡᠮ ᠤᠤᠭᠤᠬᠤ ᠴᠢᠬᠤᠯᠠᠳᠠᠢ ᠪᠤᠯᠳᠠᠬ᠂ ᠭᠡᠳᠡᠯ᠎ᠠ ᠲᠤᠩ ᠤᠯᠡᠨ ᠡᠮ ᠢ ᠤᠤᠭᠤᠬᠤ ᠬᠤᠭᠤᠴᠠᠭᠠᠨ ᠳᠤ ᠴᠠᠢ ᠤᠤᠭᠤᠵᠤ ᠪᠤᠯᠬᠤ ᠦᠭᠡᠢ ᠪᠠᠶᠢᠳᠠᠬ ᠶᠤᠮ᠃ ᠵᠢᠱᠢᠶᠡᠯᠡᠪᠡᠯ ᠰᠡᠳᠬᠢᠯ ᠢ ᠲᠤᠬᠳᠠᠪᠤᠷᠢᠵᠢᠭᠤᠯᠤᠨ ᠤᠨᠳᠠᠭᠤᠯᠬᠤ ᠡᠮ᠂ ᠵᠢᠷᠦᠭᠡᠨ ᠴᠤᠬᠢᠯᠭ᠎ᠠ ᠭᠡᠪ ᠤᠨ ᠪᠤᠰᠤ ᠪᠤᠯᠬᠤ ᠶᠢ ᠡᠰᠡᠷᠬᠦᠴᠡᠬᠦ ᠡᠮ ᠵᠡᠷᠭᠡ ᠪᠤᠯᠤᠨ᠎ᠠ᠃ ᠴᠠᠢ ᠶᠢᠨ ᠱᠦᠯᠳᠦ ᠨᠢ ᠵᠠᠷᠢᠮ ᠡᠮ ᠤᠨ ᠡᠪᠡᠳᠬᠦ ᠶᠢ ᠲᠠᠷᠤᠬᠤ ᠦᠢᠯᠡᠳᠦᠯ ᠢ ᠪᠠᠭᠤᠷᠠᠭᠤᠯᠳᠠᠬ ᠪᠤᠯᠬᠤᠷ ᠡᠪᠡᠳᠬᠦ ᠶᠢ ᠲᠠᠷᠤᠬᠤ ᠡᠮ ᠤᠤᠭᠤᠬᠰᠠᠨ ᠤ ᠲᠠᠷᠠᠭ᠎ᠠ ᠴᠠᠢ ᠤᠤᠭᠤᠵᠤ ᠪᠤᠯᠬᠤ ᠦᠭᠡᠢ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号