| | ᠲᠡᠭᠷᠢ ᠠᠴᠠ ᠡᠰᠢ ᠲᠠᠢ᠂ ᠲᠢᠪ ᠲᠤ ᠠᠯᠳᠡᠷᠲᠠᠢ ᠡᠬᠡ ᠮᠤᠩᠭᠤᠯ ᠦᠨᠳᠦᠰᠦᠲᠡᠨ ᠮᠠᠨᠢ ᠦᠨᠢ ᠤᠳᠠᠭᠠᠨ | ᠲᠡᠤᠬᠡᠨ ᠶᠠᠪᠤᠴᠠ ᠳᠠᠭᠠᠨ ᠦᠩᠭᠡ ᠤᠨᠴᠠᠯᠢᠭ ᠭᠢᠯᠠᠷᠠᠭᠰᠡᠨ ᠤᠷᠤᠨ ᠨᠤᠲᠤᠭ ᠤᠨ ᠰᠤᠶᠤᠯ ᠢ ᠡᠭᠦᠳᠦᠨ | ᠪᠦᠲᠦᠭᠡᠭᠰᠡᠨ ᠶᠤᠮ᠃ ᠵᠢᠩᠭᠠᠷ ᠢᠶᠠᠷ ᠲᠦᠯᠦᠭᠡᠯᠡᠭᠴᠢ ᠪᠤᠯᠭᠠᠭᠰᠡᠨ ᠤᠶᠢᠷᠡᠳ ᠰᠤᠶᠤᠯ᠂ ᠬᠤᠭᠤᠷ ᠤᠨ ᠦᠯᠢᠭᠡᠷ᠂ | ᠠᠷᠡᠳ ᠤᠨ ᠳᠠᠭᠤᠤ ᠪᠠᠷ ᠭᠤᠤᠯᠯᠠᠭᠰᠡᠨ ᠬᠤᠷᠴᠢᠨ ᠰᠤᠶᠤᠯ᠂ ᠮᠤᠩᠭᠤᠯ ᠭᠡᠰᠡᠷ ᠢᠶᠠᠷ ᠢᠯᠭᠠᠭᠳᠠᠭᠰᠡᠨ ᠪᠠᠭᠠᠷᠢᠨ | ᠰᠤᠶᠤᠯ᠂ ᠤᠤᠭᠠᠯ ᠰᠤᠶᠤᠯ ᠢᠶᠠᠨ ᠳᠡᠭᠡᠳᠤᠯᠡᠭᠰᠡᠨ ᠦᠵᠦᠮᠦ᠋ᠴᠡ ᠰᠤᠶᠤᠯ᠂ ᠲᠠᠬᠢᠯᠭ᠎ᠠ ᠳᠠᠶᠢᠯᠡᠯᠭᠠ ᠢᠶᠠᠨ | ᠡᠷᠬᠢᠮᠯᠡᠭᠰᠡᠭᠡᠷ ᠢᠷᠡᠭᠰᠡᠨ ᠤᠷᠳᠤᠰ ᠰᠤᠶᠤᠯ …… ᠡᠨᠡ ᠪᠦᠬᠦᠨ ᠮᠤᠩᠭᠤᠯ ᠰᠤᠶᠤᠯ ᠤᠨ ᠲᠤᠯᠭ᠎ᠠ ᠶᠢᠨ ᠭᠠᠯ ᠢ | ᠳᠦᠷᠡᠯᠵᠡᠭᠦᠯᠵᠦ᠂ ᠮᠤᠩᠭᠤᠯ ᠬᠦᠮᠦᠨ ᠤ ᠤᠷ᠎ᠠ ᠠᠪᠢᠶᠠᠰ ᠢ ᠳᠡᠯᠡᠬᠡᠢ ᠳᠠᠬᠢᠨ ᠳᠤ ᠲᠠᠨᠢᠭᠤᠯᠤᠭᠰᠡᠨ ᠶᠤᠮ᠃ ᠭᠡᠬᠦ | ᠳᠤ᠂ ᠮᠤᠩᠭᠤᠯ ᠰᠤᠶᠤᠯ ᠤᠨ ᠬᠦᠷᠢᠶᠡᠨ ᠳᠤ ᠮᠠᠷᠲᠠᠭᠳᠠᠬᠤ ᠳᠤ ᠬᠦᠷᠦᠭᠰᠡᠨ ᠬᠠᠷᠠᠴᠢᠨ ᠰᠤᠶᠤᠯ ᠢ ᠳᠤᠷᠠᠳᠬᠤ | ᠴᠢᠬᠤᠯᠠ ᠲᠠᠢ᠃ ᠬᠠᠷᠠᠴᠢᠨ ᠰᠤᠶᠤᠯ ᠨᠢ ᠤᠷᠴᠢᠨ ᠦᠶ᠎ᠡ ᠶᠢᠨ ᠲᠡᠤᠬᠡᠨ ᠳᠤ ᠬᠠᠮᠤᠭ ᠡᠷᠲᠡ ᠬᠠᠷᠢ ᠶᠢᠨ | ᠰᠤᠶᠤᠯ ᠢ ᠬᠦᠯᠢᠶᠡᠨ ᠠᠪᠤᠭᠰᠡᠨ ᠲᠠᠢ ᠪᠠᠨ ᠠᠳᠠᠯᠢᠬᠠᠨ ᠬᠠᠮᠤᠭ ᠡᠷᠲᠡ ᠬᠠᠶᠢᠯᠤᠭᠳᠡᠨ ᠭᠡᠭᠡᠭᠳᠡᠬᠦ ᠪᠤᠯᠤᠭᠰᠡᠨ ᠳᠤ | ᠲᠡᠭᠦᠨ ᠤ ᠮᠤᠩᠭᠤᠯ ᠦᠨᠳᠦᠰᠦᠲᠡᠨ ᠤ ᠤᠷᠴᠢᠨ ᠦᠶ᠎ᠡ ᠶᠢᠨ ᠲᠡᠤᠬᠡᠨ ᠳᠤ ᠦᠵᠡᠭᠦᠯᠦᠭᠰᠡᠨ ᠤᠶᠢᠯᠡᠳᠦᠯ | ᠴᠢᠳᠡᠪᠬᠢ ᠬᠤᠯᠠ ᠶᠢᠨ ᠬᠤᠯᠠ ᠠᠴᠠ ᠲᠤᠭᠤᠯᠳᠠᠵᠤ᠂ ᠨᠡᠶᠢᠲᠡ ᠮᠤᠩᠭᠤᠯ ᠰᠤᠶᠤᠯ ᠳᠠᠭᠠᠨ ᠶᠠᠭᠤ ᠨᠢᠭᠡ ᠶᠢ | ᠰᠢᠪᠡᠨᠡᠨ ᠰᠢᠪᠡᠨᠡᠨ ᠪᠠᠶᠢᠭ᠎ᠠ ᠶᠤᠮ᠃ | ︽ᠬᠠᠷᠠᠴᠢᠨ︾ ᠭᠡᠪᠡᠯ ᠨᠡᠶᠢᠲᠡ ᠤᠯᠡᠨ ᠮᠤᠩᠭᠤᠯ ᠠᠴᠠ ᠲᠡᠭᠦᠨ ᠤ ᠦᠨᠳᠦᠰᠦ ᠤᠭᠰᠠᠭ᠎ᠠ ᠶᠢ ᠡᠷᠢᠬᠦ ᠳᠤ | ᠬᠦᠴᠢᠷᠲᠡᠢ᠃ ᠭᠡᠪᠡᠴᠦ ᠤᠳᠤᠬᠠᠨ ᠳᠤ ︿ᠬᠠᠷᠠᠴᠢᠨ﹀ ᠭᠡᠳᠡᠭ ᠨᠢ ᠬᠠᠷᠢᠨ ᠠᠶᠢᠮᠠᠭ ᠤᠭᠰᠠᠭᠠᠲᠡᠨ ᠢ ᠵᠢᠭᠠᠵᠤ | ᠪᠠᠶᠢᠭ᠎ᠠ ᠪᠢᠰᠢ ᠤᠦ ᠮᠦᠷᠡᠨ᠂ ᠰᠢᠪᠡᠭᠡ ᠭᠤᠤᠯ᠂ ᠯᠤᠤᠬ᠎ᠠ ᠶᠢᠨ ᠭᠤᠤᠯ ᠳᠠᠭᠤ ᠭᠠᠵᠠᠷ ᠤᠷᠤᠨ ᠢ ᠵᠢᠭᠠᠭᠰᠡᠨ | ᠪᠠᠶᠢᠭ᠎ᠠ ᠶᠤᠮ᠃ ᠡᠨᠡ ᠭᠠᠵᠠᠷ ᠨᠢ ᠮᠤᠩᠭᠤᠯ ᠦᠨᠳᠦᠰᠦᠲᠡᠨ ᠤ ᠤᠷᠴᠢᠨ ᠦᠶ᠎ᠡ ᠳᠠᠬᠢ ᠬᠠᠮᠤᠭ ᠤᠨ ᠪᠠᠯᠠᠷ | ᠬᠠᠷᠠᠩᠭᠤᠢ ᠴᠠᠭ ᠦᠶ᠎ᠡ ᠳᠤ ᠰᠤᠶᠤᠯ ᠰᠤᠷᠭᠠᠨ ᠬᠦᠮᠦᠵᠢᠯ ᠢᠶᠠᠷ ᠦᠨᠳᠦᠰᠦᠲᠡᠨ ᠢᠶᠠᠨ ᠠᠪᠤᠷᠡᠨ | ᠮᠠᠨᠳᠤᠭᠤᠯᠬᠤ ᠭᠤᠯᠤᠮᠲᠠ ᠨᠤᠲᠤᠭ ᠪᠤᠯᠤᠭᠰᠡᠨ ᠶᠤᠮ᠃ ᠲᠡᠭᠦᠨ ᠤ ᠬᠠᠮᠤᠭ ᠤᠨ ᠢᠯᠡᠷᠬᠡᠢ ᠨᠢᠭᠡᠨ ᠤᠨᠴᠠᠯᠢᠭ | ᠭᠡᠪᠡᠯ ︽ᠬᠠᠷᠠᠴᠢᠨ ᠰᠢᠶᠠᠨᠱᠧᠩ︾ ᠤᠨ ᠦᠵᠡᠭᠳᠡᠯ ᠪᠤᠯᠤᠨ᠎ᠠ᠃ ᠮᠤᠩᠭᠤᠯ ᠦᠨᠳᠦᠰᠦᠲᠡᠨ ᠤ ᠤᠷᠴᠢᠨ ᠦᠶ᠎ᠡ | ᠶᠢᠨ ᠲᠡᠤᠬᠡᠨ ᠳᠡᠭᠡᠷ᠎ᠡ ᠲᠡᠳᠡᠭᠡᠷ ᠬᠠᠷᠠᠴᠢᠨ ᠰᠢᠶᠠᠨᠱᠧᠩ ᠤᠳ ᠮᠤᠩᠭᠤᠯ ᠦᠨᠳᠦᠰᠦᠲᠡᠨ ᠤ ᠡᠷᠳᠡᠮ ᠴᠢᠳᠠᠪᠦᠷᠢᠲᠡᠨ | ᠢ ᠬᠦᠮᠦᠵᠢᠭᠦᠯᠬᠦ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠦᠵᠡᠭᠦᠯᠦᠭᠰᠡᠨ ᠶᠤᠮ᠃ | ᠡᠭᠦᠨ ᠢ ᠲᠤᠷᠠᠳᠬᠤ ᠳᠤ ᠡᠩ ᠲᠡᠷᠢᠭᠦᠨ ᠳᠤ ᠬᠠᠷᠠᠴᠢᠨ ᠸᠠᠩ ᠭᠦᠩᠰᠠᠩᠨᠤᠷᠪᠦ ᠶᠢ ᠳᠤᠷᠠᠳᠬᠤ ᠴᠢᠬᠤᠯᠠ | ᠲᠠᠢ᠃ ᠭᠦᠩ ᠸᠠᠩ ᠵᠠᠭᠤᠨ ᠵᠢᠯ ᠤᠨ ᠡᠮᠦᠨ᠎ᠡ ᠦᠨᠳᠦᠰᠦᠲᠡᠨ ᠤᠭᠰᠠᠭᠠᠲᠡᠨ ᠢᠶᠠᠨ ᠬᠦᠭᠵᠢᠭᠦᠯᠵᠦ ᠮᠠᠨᠳᠤᠭᠤᠯᠬᠤ | ᠶᠢᠨ ᠦᠨᠳᠦᠰᠦ ᠰᠠᠭᠤᠷᠢ ᠶᠢ ᠠᠵᠢᠨ ᠮᠡᠳᠡᠭᠰᠡᠨ ᠬᠤᠯᠠ ᠶᠢᠨ ᠬᠠᠷᠠᠴᠠ ᠲᠠᠢ᠂ ᠠᠤᠭ᠎ᠠ ᠪᠤᠳᠤᠯᠭ᠎ᠠ ᠲᠠᠢ | ᠰᠡᠭᠡᠭᠡᠷᠡᠭᠰᠡᠨ ᠬᠦᠮᠦᠨ ᠪᠠᠶᠢᠭ᠎ᠠ ᠶᠤᠮ᠃ ᠲᠡᠭᠦᠨ ᠤ ᠪᠠᠶᠢᠭᠤᠯᠤᠭᠰᠡᠨ ᠰᠤᠷᠭᠠᠭᠤᠯᠢ ᠨᠢ ᠮᠤᠩᠭᠤᠯ ᠤᠨ | ᠦᠨᠳᠦᠷᠯᠢᠭ ᠲᠤ ᠠᠵᠤ ᠠᠬᠤᠢ᠂ ᠴᠡᠷᠢᠭ ᠳᠠᠶᠢᠨ᠂ ᠰᠤᠷᠭᠠᠨ ᠬᠦᠮᠦᠵᠢᠯ ᠤᠨ ᠰᠤᠳᠤᠨ ᠬᠦᠮᠦᠰ ᠢ | ᠬᠦᠮᠦᠵᠢᠭᠦᠯᠦᠨ ᠦᠰᠭᠡᠭᠰᠡᠨ ᠪᠠᠶᠢᠨ᠎ᠠ᠃ | ᠢᠨᠵᠠᠨᠨᠠᠰᠢ ᠶᠢᠨ ︽ᠬᠦᠬᠡ ᠰᠤᠳᠤᠷ︾᠂ ᠯᠤᠪᠰᠡᠩᠴᠤᠶᠢᠳᠠᠨ ᠤ ︽ᠮᠤᠩᠭᠤᠯ ᠤᠨ ᠵᠠᠩ ᠠᠭᠠᠯᠢ ᠶᠢᠨ | ᠤᠶᠢᠯᠡᠪᠤᠷᠢ︾᠂ ᠬᠠᠢ ᠱᠠᠨ ᠤ ︽ᠮᠤᠩᠭᠤᠯ ᠬᠢᠲᠡᠳ ᠬᠠᠪᠰᠤᠷᠭᠠᠭᠰᠡᠨ ᠲᠡᠭᠦᠨ ᠵᠦᠭ ᠤᠨ ᠵᠤᠬᠢᠰᠲᠤ | ᠠᠶᠠᠯᠭᠤ︾ ᠪᠠᠷ ᠭᠤᠷᠪᠡᠨ ᠲᠤᠯᠭᠠᠭᠤᠷᠢ ᠪᠤᠯᠭᠠᠭᠰᠡᠨ ᠠᠭᠤᠤ ᠪᠦᠲᠦᠭᠡᠯ ᠨᠢ ᠬᠠᠷᠠᠴᠢᠨ ᠰᠤᠶᠤᠯ ᠤᠨ ᠬᠦᠭᠵᠢᠯ ᠢ | ᠤᠷᠭᠢᠯ ᠳᠤ ᠨᠢ ᠬᠦᠷᠭᠡᠭᠰᠡᠨ ᠶᠤᠮ᠃ ᠮᠤᠩᠭᠤᠯ ᠰᠤᠶᠤᠯ ᠢ ᠡᠬᠡ ᠪᠠᠶᠢᠭᠠᠯᠢ ᠶᠢ ᠰᠢᠲᠦᠬᠦ ᠪᠠᠷ ᠢᠯᠡᠷᠬᠡᠢ | ᠤᠨᠴᠠᠯᠢᠭ ᠢᠶᠠᠨ ᠪᠤᠯᠭᠠᠵᠡᠢ ᠭᠡᠵᠤ ᠬᠡᠯᠡᠬᠦ ᠳᠤ ᠬᠦᠷᠪᠡᠯ ᠬᠠᠷᠠᠴᠢᠨ ᠰᠤᠶᠤᠯ ᠨᠢ ᠪᠢᠴᠢᠭ ᠰᠤᠶᠤᠯ ᠢ ᠳᠡᠭᠡᠳᠦᠯᠡᠬᠦ | ᠪᠠᠷ ᠭᠤᠤᠯ ᠤᠨᠴᠠᠯᠢᠭ ᠢᠶᠠᠨ ᠪᠤᠯᠭᠠᠭᠰᠡᠨ ᠶᠤᠮ᠃ ᠡᠨᠡ ᠪᠤᠯ ᠬᠠᠷᠠᠴᠢᠨ ᠰᠤᠶᠤᠯ ᠤᠨ ᠨᠡᠶᠢᠲᠡ ᠮᠤᠩᠭᠤᠯ | ᠰᠤᠶᠤᠯ ᠳᠤ ᠦᠵᠡᠭᠦᠯᠦᠭᠰᠡᠨ ᠬᠠᠮᠤᠭ ᠤᠨ ᠴᠢᠬᠤᠯᠠ ᠬᠤᠪᠢ ᠨᠡᠮᠡᠷᠢ ᠪᠢᠯᠡ᠃ ᠲᠡᠭᠡᠬᠦ ᠪᠠᠷ ᠢᠶᠠᠨ ᠡᠨᠡ | ᠨᠤᠲᠤᠭ ᠠᠴᠠ ᠪᠢᠴᠢᠭ ᠰᠤᠶᠤᠯ ᠲᠠᠢ ᠬᠦᠮᠦᠨ ᠴᠤᠯᠭᠤᠷᠡᠨ ᠴᠤᠯᠭᠤᠷᠡᠨ ᠭᠠᠷᠤᠭᠰᠡᠨ ᠶᠤᠮ᠃ | ᠴᠡᠩᠭᠡᠯᠲᠡᠢ᠂ ᠵᠠᠭᠴᠢᠳ᠂ ᠰᠡᠴᠡᠨ᠂ ᠨᠠᠭᠤᠰᠡᠨᠸᠠᠭᠦᠦ᠂ ᠦ᠊᠂ ᠬᠦᠭᠵᠢᠯᠲᠦ …… ᠲᠡᠳᠡ ᠪᠤᠯ | ᠶᠠᠭᠠᠬᠢᠬᠤ ᠶᠢᠨ ᠠᠷᠭ᠎ᠠ ᠦᠭᠡᠢ ᠬᠠᠷᠠᠴᠢᠨ ᠰᠤᠶᠤᠯ ᠤᠨ ᠲᠦᠷᠦᠳᠡᠰᠦ ᠪᠠᠶᠢᠭ᠎ᠠ ᠶᠤᠮ᠃ ᠤᠬᠠᠭᠠᠨ ᠰᠡᠷᠭᠦᠯᠡᠩ᠂ | ᠨᠠᠷᠢᠨ ᠬᠢᠨᠠᠮᠠᠭᠠᠢ᠂ ᠬᠤᠯᠠ ᠶᠢᠨ ᠬᠠᠷᠠᠴᠠ ᠲᠠᠢ ᠬᠠᠷᠠᠴᠢᠨ ᠬᠦᠮᠦᠨ ᠵᠦᠪᠬᠡᠨ ᠡᠷᠡᠯᠬᠡᠭ ᠪᠠᠭᠠᠳᠤᠷᠯᠢᠭ ᠯᠡ ᠪᠢᠰᠢ | ᠡᠷᠳᠡᠮ ᠴᠢᠳᠠᠪᠦᠷᠢ ᠢᠶᠠᠷ ᠢᠶᠠᠨ ᠡᠬᠡ ᠮᠤᠩᠭᠤᠯᠴᠤᠳ ᠳᠠᠭᠠᠨ ᠨᠠᠨᠳᠢᠨ ᠪᠡᠯᠡᠭ ᠪᠠᠷᠢᠭᠰᠡᠨ ᠶᠤᠮ᠃ | ᠬᠤᠯᠠ ᠶᠢᠨ ᠪᠠᠷ᠎ᠠ ᠲᠤᠭᠤᠯᠳᠠᠬᠤ ᠬᠠᠷᠠᠴᠢᠨ ᠰᠤᠶᠤᠯ︕ | ᠬᠠᠷᠠᠴᠢᠨ ᠰᠤᠶᠤᠯ ᠬᠤᠷᠤᠢ ᠬᠤᠷᠤᠢ ᠬᠤᠷᠤᠢ …… |