ᠰᠦᠮ᠎ᠡ ᠭᠡᠶᠢᠳ ᠲᠠᠢ ᠪᠠᠷᠢᠯᠳᠣᠯᠭ᠎ᠠ ᠲᠠᠢ ᠣᠨ ᠵᠢᠯ ᠤᠳ
ᠨᠡᠶᠢᠲᠡᠯᠡᠭᠰᠡᠨ ᠴᠠᠭ᠄
2022/12/2
ᠮᠢᠨᠣ ᠬᠤᠪᠢ ᠬᠥᠮᠥᠨ ᠤ ᠲᠣᠪᠴᠢ ᠪᠠᠶᠢᠳᠠᠯᠮᠢᠨᠤ ᠮᠣᠩᠭᠤᠯ ᠨᠡᠷ᠎ᠡ ᠪᠣᠶᠠᠨ ᠲᠣᠭᠲᠠᠬᠤ ᠭᠡᠳᠡᠭ᠂ ᠲᠥᠪᠡᠳ ᠨᠡᠷ᠎ᠡ ᠷᠢᠨᠴᠢᠨᠳᠣᠷᠵᠢ ᠭᠡᠳᠡᠭ᠂ ᠬᠢᠲᠠᠳ ᠨᠡᠷ᠎ᠡ ᠬᠤ᠋ ᠵᠧᠨ ᠬᠠᠢ ᠭᠡᠳᠡᠭ᠃ 1946 ᠣᠨ ᠤ 12 ᠰᠠᠷ᠎ᠠ ᠶᠢᠨ 16 ᠤ ᠡᠳᠦᠷ᠂ ᠨᠢᠩᠴᠧᠩ ᠰᠢᠶᠠᠨ ᠤ ᠳᠡᠭᠡᠷ᠎ᠡ ᠬᠤᠷᠤᠭ᠎ᠠ ᠪᠠᠯᠭᠠᠰᠤᠨ ᠤ ᠳᠡᠭᠡᠷ᠎ᠡ ᠲᠠᠪᠤᠨ ᠭᠡᠷ ᠭᠠᠴᠠᠭᠠᠨ ᠤ ᠡᠭᠡᠯ ᠵᠢᠷ ᠤᠨ ᠲᠠᠷᠢᠶᠠᠴᠢᠨ ᠤ ᠭᠡᠷ ᠲᠤ ᠲᠦᠷᠦᠵᠡᠢ᠃ ᠮᠢᠨᠤ ᠭᠡᠷ ᠦᠯᠵᠡᠶᠢᠲᠦ ᠨᠣᠮ ᠤᠨ ᠬᠦᠷᠳᠦᠲᠦ ᠰᠦᠮ᠎ᠡ ᠠᠴᠠ ᠬᠠᠭᠠᠰ ᠭᠠᠵᠠᠷ ᠤᠨ ᠵᠠᠶᠢᠲᠠᠢ ᠪᠠᠶᠢᠳᠠᠭ᠂ ᠪᠠᠭ᠎ᠠ ᠠᠴᠠ ᠰᠦᠮ᠎ᠡ ᠬᠡᠶᠢᠳ ᠪᠠ ᠯᠠᠮ᠎ᠠ ᠪᠠᠭᠰᠢ ᠨᠠᠷ ᠤᠨ ᠲᠣᠬᠠᠢ ᠠᠷᠪᠢᠨ ᠵᠣᠭᠤᠭ ᠪᠠ ᠦᠵᠡᠵᠦ ᠰᠣᠨᠣᠰᠣᠭᠰᠠᠨ ᠵᠦᠢᠯ ᠨᠡᠯᠢᠶᠡᠳ ᠪᠠᠶᠢᠳᠠᠭ ᠠᠴᠠ᠂ ᠰᠦᠮ᠎ᠡ ᠬᠡᠶᠢᠳ ᠨᠢ ᠨᠠᠳᠠᠳᠣ ᠲᠤᠩ ᠶᠡᠭᠡ ᠨᠥᠯᠥᠭᠡ ᠪᠣᠯᠣᠭᠰᠠᠨ ᠮᠦᠷᠲᠡᠭᠡᠨ ᠮᠢᠨᠤ ᠪᠠᠭ᠎ᠠ ᠶᠢᠨ ᠦᠶ᠎ᠡ ᠶᠢᠨ ᠰᠡᠳᠭᠢᠯ ᠰᠠᠨᠠᠭ᠎ᠠ ᠶᠢ ᠴᠦ ᠠᠷᠭᠠᠮᠵᠢᠵᠤ ᠪᠠᠶᠢᠯ᠎ᠠ᠃ᠪᠢ ᠬᠠᠷᠠᠬᠠᠨ ᠪᠠᠭ᠎ᠠ ᠠᠴᠠ ᠪᠠᠨ ᠮᠠᠷᠠᠲᠣ ᠶᠢᠨ ᠳᠤᠮᠳᠠᠳᠤ ᠪᠠᠭ᠎ᠠ ᠰᠤᠷᠭᠠᠭᠤᠯᠢ ᠳᠤ ᠮᠣᠩᠭᠤᠯ ᠢᠶᠠᠷ ᠪᠢᠴᠢᠭ ᠦᠵᠡᠭᠰᠡᠨ ᠲᠤᠯᠠ ᠮᠣᠩᠭᠤᠯ ᠦᠭᠡ ᠬᠡᠯᠡ ᠦᠰᠦᠭ ᠪᠢᠴᠢᠭ ᠲᠤ ᠬᠠᠶᠢᠷᠠᠲᠠᠢ᠂ ᠮᠣᠩᠭᠤᠯ ᠢᠶᠠᠷ ᠰᠣᠨᠢᠨ ᠰᠡᠳᠬᠦᠯ ᠪᠤᠶᠤ ᠱᠠᠰᠢᠨ ᠤ ᠨᠣᠮ ᠪᠢᠴᠢᠭ ᠢ ᠤᠩᠰᠢᠵᠤ ᠤᠶᠢᠯᠠᠭᠠᠳᠠᠭ ᠮᠦᠷᠲᠡᠭᠡᠨ ᠳᠦᠭᠦᠮ ᠳᠦᠳᠡ ᠵᠣᠬᠢᠶᠠᠯ ᠴᠦ ᠪᠢᠴᠢᠴᠢᠭᠡᠳᠡᠭ᠃ ᠮᠣᠩᠭᠤᠯ ᠬᠢᠲᠡᠳ ᠪᠢᠴᠢᠭ ᠢ ᠵᠡᠷᠭᠡᠪᠡᠷ ᠣᠩᠰᠢᠵᠤ ᠤᠶᠢᠯᠠᠭᠠᠴᠢᠬᠠᠨ᠎ᠠ᠃1966 ᠣᠨ ᠤ ᠦᠶᠡᠰ ᠲᠤ᠂ ᠰᠣᠶᠣᠯ ᠤᠨ ᠬᠤᠪᠢᠰᠬᠠᠯ ᠤᠨ ᠤᠷᠪᠠᠯᠭ᠎ᠠ ᠭᠠᠷᠭᠠᠭᠴᠢᠳ ᠬᠤᠪᠢ ᠬᠦᠮᠤᠨ ᠤ ᠭᠡᠷ ᠲᠤ᠂ ᠯᠤᠤᠶᠧ ᠶᠢᠨ ᠰᠦᠮ᠎ᠡ ᠳᠤ ᠬᠤᠷᠠᠯ ᠨᠣᠮ ᠬᠤᠷᠠᠳᠠᠭ ᠠᠯᠢᠪᠠ ᠵᠦᠢᠯ ᠢ ᠦᠵᠡᠬᠦ ᠶᠢᠨ ᠲᠠᠮᠳᠠᠭ ᠦᠭᠡᠢ ᠡᠪᠳᠡᠵᠦ ᠬᠠᠭᠠᠴᠠᠭᠰᠠᠨ ᠪᠠᠶᠢᠳᠠᠯ ᠢ ᠨᠢᠳᠦ ᠪᠠᠷ ᠢᠶᠠᠨ ᠬᠠᠷᠠᠵᠤ ᠪᠠᠶᠢᠭᠰᠠᠨ ᠶᠤᠮ᠃ ᠭᠡᠪᠡᠴᠦ ᠦᠯᠵᠡᠶᠢᠲᠦ ᠨᠣᠮ ᠤᠨ ᠬᠦᠷᠳᠦᠲᠦ ᠭᠡᠶᠢᠳ ᠬᠠᠷᠢᠨ ᠨᠢᠭᠡᠳᠦᠯ ᠤᠨ ᠠᠮᠤ ᠪᠤᠳᠠᠭᠠᠨ ᠤ ᠬᠥᠮᠥᠷᠭᠡ ᠪᠠᠶᠢᠭᠰᠠᠨ ᠠᠴᠠ ᠬᠠᠮᠠᠭᠠᠯᠠᠯᠲᠠ ᠪᠠᠨ ᠣᠯᠵᠤ᠂ ᠭᠡᠷ ᠪᠠᠷᠢᠯᠭ᠎ᠠ᠂ ᠬᠦᠷᠢᠶ᠎ᠡ ᠬᠠᠰᠢᠶ᠎ᠠ ᠨᠡᠯᠢᠶᠡᠳ ᠪᠦᠷᠢᠨ ᠪᠦᠲᠦᠨ ᠢᠶᠠᠷ ᠢᠶᠠᠨ ᠦᠯᠳᠡᠵᠡᠢ᠃ᠰᠦᠮ᠎ᠡ ᠬᠡᠶᠢᠳ ᠢ ᠰᠡᠷᠭᠦᠭᠡᠭᠰᠡᠨ ᠤ ᠰᠡᠭᠦᠯᠡᠷ᠂ ᠮᠢᠨᠣ ᠪᠡᠶ᠎ᠡ ᠭᠡᠷ ᠵᠠᠭᠤᠷ᠎ᠠ ᠶᠢᠨ ᠠᠵᠢᠯ ᠪᠠ ᠲᠠᠷᠢᠶᠠᠨ ᠠᠵᠢᠯ ᠤᠨ ᠵᠠᠢ ᠴᠢᠯᠦᠭᠡ ᠪᠠᠨ ᠦᠵᠡᠵᠦ ᠦᠷᠭᠦᠯᠵᠢ ᠰᠦᠮ᠎ᠡ ᠳᠤ ᠢᠷᠡᠵᠦ ᠬᠦᠷᠢᠶ᠎ᠡ ᠬᠠᠰᠢᠶ᠎ᠠ ᠶᠢ ᠴᠡᠪᠡᠷᠯᠡᠬᠦ᠂ ᠰᠦᠮ᠎ᠡ ᠲᠣᠭᠠᠩ ᠤᠨ ᠡᠷᠡᠭᠦᠯ ᠬᠠᠮᠠᠭᠠᠯᠠᠯ ᠤᠨ ᠠᠵᠢᠯ ᠢ ᠬᠠᠪᠰᠣᠷᠴᠣ ᠬᠢᠳᠡᠭ ᠪᠦᠭᠡᠳ ᠰᠦᠮ᠎ᠡ ᠶᠢᠨ ᠬᠤᠷᠠᠯ ᠪᠣᠯᠭᠠᠨ ᠴᠠᠮ ᠶᠢᠨ ᠪᠦᠵᠢᠭ ᠲᠤ ᠣᠷᠣᠯᠴᠠᠨ᠂ ᠬᠦᠷ ᠬᠦᠭᠵᠢᠶᠡᠨ ᠨᠡᠮᠡᠳᠡᠭ᠃ᠵᠠᠷᠢᠮ ᠳᠠᠭᠠᠨ ᠪᠠᠰᠠ ᠰᠦᠮ᠎ᠡ ᠤᠨ ᠲᠣᠭᠤᠭᠠᠨ ᠭᠡᠷ ᠤᠨ ᠴᠧᠨ ᠭᠤᠸᠠᠩ ᠷᠦᠩ ᠪᠠᠭᠰᠢ ᠳᠤ ᠬᠠᠪᠰᠤᠷᠤᠨ ᠲᠦᠯᠡᠭᠡ ᠮᠣᠳᠣ ᠵᠦᠭᠡᠭᠡᠬᠦ᠂ ᠭᠠᠯ ᠬᠦᠰᠣ ᠶᠢ ᠨᠢ ᠬᠢᠵᠦ ᠦᠭᠭᠦᠬᠦ᠂ ᠰᠦᠮ᠎ᠡ ᠳᠤ ᠢᠷᠡᠭᠰᠡᠨ ᠭᠡᠶᠢᠴᠢᠨ ᠵᠣᠴᠢᠨ ᠮᠦᠷᠭᠦᠯᠴᠢᠳ  ᠲᠤ ᠬᠠᠨᠵᠤ ᠶᠢ ᠨᠢ ᠬᠠᠯᠠᠭᠤᠯᠵᠣ ᠦᠭᠭᠦᠬᠦ᠂ ᠤᠰᠤ ᠳᠠᠮᠨᠠᠵᠤ ᠦᠭᠭᠦᠬᠦ ᠵᠡᠷᠭᠡ ᠠᠵᠢᠯ ᠢ ᠬᠠᠪᠰᠣᠷᠴᠣ ᠬᠢᠵᠦ ᠦᠭᠭᠦᠳᠡᠭ ᠴᠤ ᠶᠡᠷᠤᠳᠡᠭᠡᠨ ᠰᠦᠮ᠎ᠡ ᠳᠡᠭᠡᠷ᠎ᠡ ᠬᠤᠨᠣᠳᠠᠭ ᠦᠭᠡᠢ᠂ ᠬᠤᠭᠤᠯᠠ ᠢᠳᠡᠳᠡᠭ ᠦᠭᠡᠢ᠃ ᠭᠡᠷ ᠲᠤ ᠪᠠᠨ ᠬᠠᠷᠢᠵᠣ ᠦᠲᠡᠯᠦᠭᠡ ᠮᠦᠮᠦ ᠪᠠᠨ ᠬᠠᠷᠠᠵᠣ ᠬᠠᠷᠠᠭᠠᠯᠵᠠᠨ᠂ ᠬᠠᠯᠠᠭᠤᠨ ᠳᠣᠯᠠᠭᠠᠨ ᠬᠤᠨᠣᠭᠤᠯᠵᠣ᠂ ᠠᠮᠲᠠ ᠰᠢᠮᠲᠡᠲᠡᠢ ᠢᠳᠡᠭᠦᠯᠵᠦ ᠤᠤᠭᠤᠯᠭᠠᠳᠠᠭ ᠠᠴᠠ ᠮᠢᠨᠦ ᠮᠦᠮᠦ 92 ᠨᠠᠰᠣᠨ ᠳᠠᠭᠠᠨ ᠪᠣᠷᠬᠠᠨ ᠪᠣᠯᠵᠤ ᠪᠢᠯᠡ᠃ᠡᠵᠢ ᠶᠢᠨ ᠭᠤᠷᠪᠠᠨ ᠵᠢᠯ ᠤᠨ ᠤᠢ ᠳᠡᠭᠡᠷ᠎ᠡ ᠂ ᠪᠢ ᠰᠦᠮ᠎ᠡ ᠠᠴᠠ ᠠᠷᠪᠠᠭᠠᠳ ᠪᠠᠭᠰᠢ ᠶᠢ ᠵᠠᠯᠠᠵᠤ᠂ ᠨᠣᠮ ᠣᠩᠰᠢᠭᠤᠯᠣᠨ᠂ ᠬᠦᠭᠵᠢᠮ ᠬᠠᠪᠰᠣᠷᠭᠠᠵᠣ᠂ ᠮᠦᠮᠦ ᠶᠢᠨ ᠬᠠᠮᠤᠭ ᠰᠡᠭᠦᠯᠴᠢ ᠶᠢᠨ ᠪᠣᠶᠠᠨ ᠤ ᠶᠠᠪᠣᠳᠠᠯ ᠢ ᠦᠢᠯᠡᠳᠴᠦ᠂ ᠪᠠᠭᠰᠢ ᠯᠠᠮ᠎ᠠ ᠪᠦᠷᠢ ᠳᠤ 40 ᠲᠥᠭᠦᠷᠢᠭ ᠤᠨ ᠵᠢᠳ ᠪᠠᠷᠢᠵᠣ᠂ ᠬᠦᠪᠡᠭᠦᠨ ᠪᠣᠯᠣᠭᠰᠠᠨ‌‍ᠰᠠᠨᠠᠭ᠎ᠠ ᠰᠡᠳᠭᠢᠯ ᠢᠶᠠᠨ ᠢᠯᠡᠳᠭᠡᠵᠦ ᠪᠢᠯᠡ᠃ᠢᠩᠭᠢᠵᠦ ᠰᠦᠮ᠎ᠡ ᠶᠢᠨ ᠬᠤᠷᠠᠯ᠂ ᠴᠠᠮ ᠤᠨ ᠪᠦᠵᠢᠭ᠂ ᠰᠦᠮ᠎ᠡ ᠪᠠᠨ ᠪᠠᠶᠢᠭᠤᠯᠬᠤ᠂ ᠰᠦᠮ᠎ᠡ ᠪᠠᠨ ᠴᠡᠪᠡᠷᠯᠡᠨ ᠬᠠᠮᠠᠭᠠᠯᠠᠬᠤ᠂ ᠪᠣᠰᠣᠳ ᠲᠤ ᠬᠠᠪᠰᠣᠷᠬᠤ ᠠᠵᠢᠯ ᠢ ᠬᠠᠯᠠᠭᠤᠨ ᠰᠡᠳᠭᠢᠯ ᠢᠶᠠᠨ ᠪᠠᠷᠢᠮᠲᠠᠯᠠᠨ ᠬᠢᠭᠰᠡᠨ ᠢᠶᠠᠷ ᠱᠠᠰᠢᠨ ᠤ ᠶᠠᠪᠣᠳᠠᠯ ᠤᠨ ᠠᠵᠢᠯ᠂ ᠰᠦᠮ᠎ᠡ ᠶᠢᠨ ᠬᠠᠮᠢᠶᠠᠷᠣᠯᠲᠠ ᠶᠢᠨ ᠠᠵᠢᠯ ᠢ ᠬᠠᠪᠰᠣᠷᠭᠠᠨ ᠬᠢᠵᠦ ᠪᠠᠶᠢᠭᠰᠠᠨ ᠰᠢᠷᠠᠪᠨᠢᠮ᠎ᠠ ᠪᠠᠭᠰᠢ ᠪᠠ ᠪᠣᠰᠣᠳ ᠪᠠᠭᠰᠢ ᠯᠠᠮ᠎ᠠ ᠨᠠᠷ ᠤᠨ ᠬᠠᠯᠠᠭᠤᠨ ᠳᠡᠮᠵᠢᠯᠭᠡ ᠶᠢ ᠣᠯᠣᠭᠰᠠᠨ ᠤ ᠳᠡᠭᠡᠷ᠎ᠡ᠂ ᠬᠤᠪᠢ ᠬᠦᠮᠦᠨ ᠤ ᠭᠤᠶᠣᠴᠢᠯᠠᠯ ᠢᠶᠠᠷ 1999 ᠣᠨ ᠤ ᠬᠠᠪᠤᠷ᠂ ᠰᠦᠮ᠎ᠡ ᠳᠤ ᠵᠢᠩᠬᠢᠨᠢ ᠪᠠᠷ ᠢᠷᠡᠵᠦ ᠯᠠᠮ᠎ᠠ ᠪᠣᠯᠵᠠᠢ᠃ 2015 ᠣᠨ ᠤ 11 ᠰᠠᠷ᠎ᠠ ᠳᠤ᠂ ᠨᠢᠩᠴᠧᠩ ᠰᠢᠶᠠᠨ ᠤ ᠦᠨᠳᠦᠰᠦᠲᠡᠨ ᠱᠠᠰᠢᠨ ᠰᠤᠷᠲᠠᠬᠤᠨ ᠤ ᠲᠣᠪᠴᠢᠶ᠎ᠠ ᠠᠴᠠ ᠨᠠᠳᠠ ᠳᠤ ︽ᠪᠤᠳ᠋ᠳ᠋ᠾᠠ ᠶᠢᠨ ᠱᠠᠰᠢᠨ ᠤ ᠬᠤᠸᠠᠷᠠᠭ ᠤᠨ ᠦᠨᠡᠮᠯᠡᠯ︾ ᠦᠭᠴᠦ᠂ ᠰᠠᠷ᠎ᠠ ᠪᠦᠷᠢ ᠠᠮᠢᠳᠤᠷᠠᠯ ᠤᠨ ᠨᠥᠬᠦᠪᠦᠷᠢ ᠵᠣᠭᠤᠰ ᠲᠠᠢ᠂ ᠨᠡᠷ᠎ᠡ ᠨᠢᠳᠡᠷ ᠠᠳᠠᠯ ᠠᠮᠢᠳᠤᠷᠠᠯ ᠪᠦᠷ ᠪᠠᠲᠤᠯᠠᠭ᠎ᠠ ᠲᠠᠢ ᠪᠣᠯᠵᠤ᠂ ᠥᠲᠡᠯᠦᠭᠡ ᠨᠠᠰᠤ ᠪᠠᠨ ᠵᠣᠯ ᠵᠢᠷᠭᠠᠯ ᠲᠠᠢ ᠦᠩᠭᠡᠷᠡᠭᠦᠯᠬᠦ ᠪᠣᠯᠵᠠᠢ᠃ᠪᠢ ᠦᠪᠡᠷ ᠢᠶᠠᠨ ᠮᠣᠩᠭᠤᠯ ᠪᠢᠴᠢᠭ ᠰᠣᠷᠣᠭᠰᠠᠨ ᠤᠴᠢᠷ ᠠᠴᠠ᠂ ᠦᠷᠭᠦᠯᠵᠢ ᠳᠡᠭᠡᠨ ᠮᠣᠩᠭᠤᠯ ᠨᠣᠮ ᠪᠢᠴᠢᠭ᠂ ᠰᠣᠨᠢᠨ ᠰᠡᠳᠬᠦᠯ ᠤᠩᠰᠢᠳᠠᠭ ᠪᠦᠭᠡᠳ ᠰᠡᠯᠡᠭᠦᠦ ᠴᠠᠭ ᠢᠶᠠᠨ ᠠᠰᠢᠭᠯᠠᠵᠣ ᠦᠪᠡᠷ ᠤᠨ ᠠᠮᠢᠳᠣᠷᠠᠯ ᠤᠨ ᠥᠩᠭᠡᠷᠡᠯᠲᠡ ᠪᠣᠶᠣ ᠰᠦᠮ᠎ᠡ ᠬᠡᠶᠢᠳ ᠤᠨ ᠲᠣᠬᠠᠢ ᠥᠩᠭᠡᠷᠡᠯᠲᠡ ᠪᠠᠨ ᠪᠢᠴᠢᠵᠦ ᠲᠡᠮᠳᠡᠭᠯᠡᠳᠡᠭ ᠵᠠᠩᠰᠢᠯ ᠲᠠᠢ ᠪᠣᠯᠵᠠᠢ᠃ ᠵᠢᠯ ᠪᠦᠷᠢ ᠶᠢᠨ ᠴᠠᠭᠠᠨ ᠰᠠᠷ᠎ᠠ ᠶᠢᠨ ᠬᠤᠣᠰ ᠤᠶᠠᠩᠭ᠎ᠠ ᠶᠢ ᠴᠤ ᠨᠠᠶᠢᠷᠠᠭᠤᠯᠣᠨ ᠪᠢᠴᠢᠵᠦ ᠦᠭᠳᠡᠭ᠃ᠤᠳᠤ ᠴᠤ ᠭᠡᠰᠡᠨ᠂ ᠪᠢ ᠡᠳᠦᠷ ᠪᠦᠷᠢ ᠬᠢᠳᠡᠭ ᠠᠵᠢᠯ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ᠂ ᠦᠯᠵᠡᠶᠢᠲᠦ ᠨᠣᠮ ᠤᠨ ᠬᠦᠷᠳᠦᠲᠦ ᠭᠡᠶᠢᠳ ᠤᠨ ᠦᠷᠯᠦᠭᠡ ᠶᠢᠨ ᠬᠤᠩᠬᠤᠨ ᠲᠠᠭᠤᠨ ᠢᠶᠠᠷ ᠣᠷᠭᠤᠬᠤ ᠨᠠᠷᠠ ᠲᠠᠢ ᠣᠷᠣᠯᠳᠣᠨ ᠪᠣᠰᠴᠣ᠂ ᠰᠦᠵᠢᠭ ᠲᠠᠢ ᠵᠠᠯᠪᠠᠷᠢᠨ ᠰᠡᠳᠭᠢᠯ ᠠᠷᠢᠭᠤᠰᠬᠠᠵᠣ ᠶᠠᠪᠣᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号