ᠮᠠᠷᠠᠳᠤ ᠶᠢᠨ ᠬᠤᠷᠤᠭᠠᠨ ᠤ ᠦᠯᠵᠡᠶᠢᠳᠤ ᠨᠤᠮᠤᠨ ᠬᠦᠷᠳᠦᠨ ᠰᠦᠮ᠎ᠡ
ᠨᠡᠶᠢᠲᠡᠯᠡᠭᠰᠡᠨ ᠴᠠᠭ᠄
2015/6/10
                   ᠮᠠᠷᠠᠳᠤ ᠶᠢᠨ ᠬᠤᠷᠤᠭᠠᠨ ᠤ ᠦᠯᠵᠡᠶᠢᠳᠤ ᠨᠤᠮᠤᠨ ᠭᠦᠷᠳᠤᠨ ᠰᠦᠮ᠎ᠡ ᠨᠢ ᠨᠢᠩᠴᠧᠩ ᠰᠢᠶᠠᠨ ᠤ ᠮᠠᠷᠠᠳᠤ  ᠪᠠᠯᠭᠠᠰᠤᠨ ᠤ ᠪᠡᠷᠠᠭᠤᠨᠳᠠᠢ ᠡᠮᠤᠨᠡᠰᠢ ᠬᠠᠨᠳᠤᠨ‌‍ᠰᠦ᠋ᠨᠳᠡᠷᠯᠡᠵᠤᠬᠦᠢ᠃   ᠤᠤᠯ ᠰᠦᠮ᠎ᠡ ᠶᠢ ᠬᠠᠭᠤᠴᠢᠨ  ᠤ ᠬᠠᠷᠠᠴᠢᠨ ᠬᠤᠰᠢᠭᠤᠨ ᠤ ᠸᠠᠩ ᠤᠨ ᠦᠶ᠎ᠡ ᠳᠤ ᠪᠠᠶᠢᠭᠤᠯᠵᠠᠢ᠃ ᠳᠠᠷᠤᠢ ᠴᠢᠩ ᠤᠯᠤᠰ ᠤᠨ ᠲᠡᠭᠷᠢ ᠳᠡᠳᠭᠦᠭᠴᠢ  ᠶᠢᠨ ᠠᠷᠪᠠᠳᠤᠭᠠᠷ ᠤᠨ ᠳᠤ ᠡᠬᠢᠯᠡᠨ ᠪᠠᠶᠢᠭᠤᠯᠵᠤ ᠰᠠᠶᠢᠰᠢᠶᠠᠯ ᠢᠷᠤᠭᠡᠯᠲᠤ ᠶᠢᠨ  ᠨᠠᠶᠢᠮᠠᠳᠤᠭᠠᠷ ᠤᠨ ᠳᠤ ᠴᠤᠬᠴᠠᠯᠠᠨ ᠲᠡᠭᠦᠰᠴᠡᠢ᠃ ᠲᠤᠬᠠᠢ ᠶᠢᠨ ᠦᠶ᠎ᠡ ᠳᠤ ᠤᠤᠯ ᠰᠦᠮ᠎ᠡ368 ᠮᠤ᠋ ᠭᠠᠵᠡᠷ ᠡᠵᠡᠯᠡᠨ᠂  ᠶᠡᠭᠡ ᠪᠠᠭ᠎ᠠ ᠲᠤᠭᠠᠩ23 ᠰᠠᠭᠤᠷᠢ᠂2000 ᠭᠠᠷᠤᠢ ᠪᠤᠷᠬᠠᠨ ᠲᠠᠢ ᠪᠠᠶᠢᠵᠤ᠂ ᠡᠭᠦᠨ ᠤ ᠲᠤᠲᠤᠷ᠎ᠡ ᠠᠯᠳᠠᠬᠳᠠᠬᠰᠠᠨ ᠨᠢ  1100 ᠭᠠᠷᠤᠢ ᠪᠠᠶᠢᠨ᠎ᠡ᠃ ᠬᠠᠮᠤᠭ ᠦᠨᠳᠤᠷ ᠲᠤᠭᠠᠩ ᠨᠢ ᠭᠤᠷᠪᠠᠨ ᠲᠠᠪᠬᠤᠷ ᠪᠠᠶᠢᠵᠤ᠂ ᠲᠤᠮᠳᠡ ᠨᠢ 20.8 ᠮᠧᠲᠷ  ᠦᠨᠳᠤᠷ ᠮᠠᠶᠢᠳᠡᠷᠢ ᠪᠤᠷᠬᠠᠨ ᠢ ᠽᠠᠨᠳᠠᠨ ᠮᠤᠳᠤ ᠪᠠᠷ ᠰᠡᠶᠢᠯᠵᠡᠢ᠃ ᠯᠠᠮᠠ ᠶᠢᠨ ᠰᠠᠭᠤᠬᠤ ᠬᠡᠷ 720 ᠲᠠᠰᠤᠯᠭ᠎ᠠ᠂ 497  ᠯᠠᠮᠠ ᠲᠠᠢ ᠪᠠᠶᠢᠪᠠ᠃ ᠯᠠᠮᠠ ᠨᠠᠷ ᠤᠳ ᠲᠤᠬᠳᠠᠬᠰᠠᠨ ᠴᠠᠭ ᠲᠠᠭᠠᠨ ᠬᠤᠷᠠᠯ ᠬᠤᠷᠠᠵᠤ ᠨᠤᠮ ᠤᠩᠰᠢᠵᠦ ᠪᠠᠶᠢᠬᠰᠠᠨ  ᠪᠦᠬᠡᠳ ᠵᠢᠯ ᠴᠠᠭᠠᠨ ᠰᠠᠷ᠎ᠠ ᠴᠦᠮ ᠴᠠᠮ ᠬᠠᠷᠠᠶᠢᠳᠠᠭ ᠪᠠᠶᠢᠪᠠ᠃         ᠴᠢᠯᠤᠬᠡᠯᠡᠬᠦ ᠲᠠᠶᠢᠨ ᠤ ᠦᠶ᠎ᠡ ᠳᠤ ᠤᠤᠯ ᠰᠦᠮ᠎ᠡ ᠳᠡᠭᠡᠷ᠎ᠡ ᠴᠡᠷᠢᠭ ᠰᠠᠭᠤᠬᠰᠠᠨ ᠠᠴᠠ ᠰᠦᠮ᠎ᠡ ᠶᠢᠨ ᠪᠠᠷᠢᠯᠭ᠎ᠠ  ᠡᠪᠳᠡᠭᠳᠡᠭᠰᠡᠨ ᠦᠭᠡᠢ᠃ ᠴᠢᠯᠤᠬᠡᠯᠡᠬᠦ ᠦᠶ᠎ᠡ ᠪᠠᠷ ᠭᠠᠤᠯᠢᠨ ᠪᠤᠷᠬᠠᠨ ᠢ ᠮᠤᠷᠢᠨ ᠲᠡᠷᠭᠡ ᠪᠠᠷ ᠲᠡᠭᠡᠭᠡᠪᠤᠷᠢᠯᠡᠵᠦ ᠪᠠᠶᠢᠬᠰᠠᠨ ᠢ  ᠪᠢ ᠪᠠᠭ᠎ᠠ ᠳᠠᠭᠠᠨ ᠤᠯᠵᠦ ᠦᠵᠡᠭᠰᠡᠨ ᠪᠢᠯᠡ᠃ ᠴᠢᠯᠤᠭᠡᠯᠡᠭᠳᠡᠭᠰᠡᠨ ᠤ ᠲᠠᠷᠠᠭ᠎ᠠ ᠤᠤᠯ ᠰᠦᠮ᠎ᠡ ᠳᠤ ᠠᠯᠪᠠᠨ ᠠᠮᠤ  ᠬᠤᠷᠢᠶᠠᠬᠤ ᠦᠷᠳᠡᠭᠡ ᠪᠠᠶᠢᠭᠤᠯᠤᠭᠰᠠᠨ ᠠᠴᠠ ᠤᠤᠯ ᠰᠦᠮ᠎ᠡ ᠦᠨᠤᠳᠤᠷ ᠪᠤᠯᠳᠠᠯ᠎ᠠ ᠪᠦᠷᠢᠨ ᠰᠠᠶᠢᠬᠠᠨ ᠦᠯᠡᠳᠡᠨ ᠢᠷᠡᠪᠡ᠃ ᠭᠡᠪᠡᠴᠦ ᠰᠦᠮ᠎ᠡ ᠶᠢᠨ ᠬᠤᠶᠢᠨᠡᠬᠢ ᠮᠠᠶᠢᠳᠡᠷᠢ ᠰᠦᠮ᠎ᠡ 1947 ᠤᠨ ᠳᠤ ᠭᠠᠯ ᠳᠤ ᠠᠪᠳᠠᠪᠠ᠃        ᠴᠢᠯᠤᠭᠡᠯᠡᠭᠳᠡᠭᠰᠡᠨ ᠤ ᠳᠠᠷᠠᠭ᠎ᠠ ᠨᠠᠮ ᠤᠨ ᠱᠠᠰᠢᠨ ᠰᠢᠳᠤᠯᠭᠡ ᠶᠢᠨ ᠲᠤᠬᠠᠢ ᠵᠦᠪ ᠲᠦᠷᠦ ᠶᠢᠨ ᠪᠤᠳᠤᠯᠭ᠎ᠠ ᠶᠢᠨ  ᠲᠤᠶᠠᠭᠠᠯᠠᠯ ᠲᠤᠤᠷ᠎ᠡ ᠤᠤᠯ ᠰᠦᠮ᠎ᠡ ᠶᠢᠨ ᠯᠠᠮᠠ ᠨᠡᠷ ᠳᠠᠪᠢᠨ ᠬᠡᠳᠤᠨ ᠤᠨ ᠤ ᠦᠶ᠎ᠡ ᠳᠤ ᠲᠠᠬᠢᠨ ᠬᠤᠷᠠᠯ ᠬᠤᠷᠠᠵᠤ ᠴᠠᠮ  ᠬᠠᠷᠠᠶᠢᠳᠠᠭ ᠪᠠᠶᠢᠪᠠ᠃ ᠬᠡᠪᠡᠴᠤ ᠵᠢᠷᠠ᠂ ᠳᠠᠯᠠᠭᠠᠳ ᠤᠨ ᠤ ᠬᠡᠳᠤ ᠵᠡᠬᠦᠨ ᠤ ᠪᠤᠳᠤᠯᠭ᠎ᠠ ᠶᠢᠨ ᠦᠶ᠎ᠡ ᠪᠤᠶᠤ ︽ᠰᠤᠶᠤᠯ   ᠤᠨ ᠶᠡᠭᠡ ᠬᠤᠪᠢᠰᠬᠠᠯ︾ ᠤᠨ ᠦᠶ᠎ᠡ ᠳᠤ ᠰᠦᠮ᠎ᠡ ᠶᠢᠨ ᠪᠠᠷᠢᠯᠭ᠎ᠠ ᠨᠢᠭᠡ ᠬᠡᠮᠵᠢᠶ᠎ᠡ ᠪᠠᠷ ᠡᠪᠳᠡᠭᠳᠡᠵᠦ᠂ ᠱᠠᠰᠢᠨ ᠤ  ᠬᠦᠳᠡᠯᠭᠡᠭᠡᠨ ᠵᠤᠭᠰᠤᠪᠠ᠃   1992 ᠤᠨ ᠳᠤ ᠲᠤᠭᠠᠩ ᠢ ᠵᠠᠰᠠᠨ ᠰᠢᠨᠡᠳᠭᠡᠵᠦ ᠤᠯᠠᠨ ᠪᠤᠷᠬᠠᠨ ᠢ ᠱᠤᠭᠤᠯᠠᠨ ᠠᠮᠢᠯᠠᠭᠤᠯᠵᠠᠢ᠃ ᠰᠦᠮ᠎ᠡ   ᠶᠢᠨ ᠬᠦᠷᠢᠶᠡᠨ ᠬᠡᠷᠡᠮ ᠢ ᠲᠠᠬᠢᠨ ᠪᠠᠷᠢᠵᠤ ᠰᠦᠮ᠎ᠡ ᠶᠢᠨ ᠬᠠᠭᠠᠯᠭ᠎ᠠ ᠶᠢ ᠰᠢᠨ᠎ᠡ ᠪᠠᠷ ᠪᠠᠷᠢᠪᠠ᠃       ᠤᠳᠤ ᠡᠨᠡ ᠰᠦᠮ᠎ᠡ ᠶᠢᠨ ᠬᠠᠭᠠᠯᠭ᠎ᠠ ᠪᠠᠷ ᠲᠤᠷᠤᠭᠰᠢ ᠤᠷᠤᠪᠠᠯ᠂ ᠮᠠᠨ ᠤ ᠡᠮᠤᠨ᠎ᠡ ᠮᠠᠬᠠᠷᠠᠨᠽᠠ   ᠶᠢᠨ ᠤᠷᠳᠤ  ᠬᠠᠷᠠᠬᠳᠠᠵᠦ᠂ ᠲᠤᠳᠤᠷ᠎ᠠ ᠨᠢ ᠲᠦᠷᠪᠡᠨ ᠮᠠᠬᠠᠷᠠᠨᠽᠠ ᠱᠤᠭᠤᠵᠦ᠂ ᠲᠦᠪ ᠲᠤᠮᠳᠠ ᠨᠢ ᠮᠢᠯᠠ ᠪᠤᠷᠬᠠᠨ ᠢ ᠳᠠᠬᠢᠵᠦ ᠪᠠᠶᠢᠨ᠎ᠠ  ᠃ ᠡᠨᠡ ᠮᠠᠬᠠᠷᠠᠨᠽᠠ ᠶᠢᠨ ᠤᠷᠲᠤ ᠶᠢᠨ ᠠᠷᠤ ᠡᠬᠦᠳᠡ ᠪᠠᠷ ᠭᠠᠷᠪᠠᠰᠤ ᠨᠢᠭᠤᠷ ᠦᠭᠡᠳᠡ ᠭᠢᠯᠠᠯᠵᠠᠬᠤ ᠨᠢ ᠽᠦᠩᠺᠡᠸ᠎ᠠ  ᠪᠤᠷᠬᠠᠨ ᠢ ᠳᠠᠬᠢᠬᠰᠠᠨ ᠤᠷᠳᠤ ᠪᠤᠯᠤᠨ᠎ᠠ᠃ ᠲᠤᠰ ᠤᠷᠳᠤ ᠶᠢᠨ ᠵᠡᠬᠦᠨ ᠪᠠᠷᠠᠭᠤᠨ ᠲᠠᠯ᠎ᠠ ᠳᠤᠨᠢ ᠬᠤᠶᠠᠷ ᠵᠠᠭᠤ ᠭᠠᠷᠤᠢ  ᠠᠨ ᠤ ᠮᠦᠩᠭᠡ ᠨᠤᠭᠤᠭᠠᠨ ᠨᠠᠷᠠᠰᠤ ᠰᠦᠭᠯᠡᠶᠢᠵᠦ᠂ ᠵᠢᠩ᠂ ᠭᠡᠩᠭᠡᠷᠭᠡ ᠶᠢᠨ ᠬᠤᠶᠠᠷ ᠠᠰᠠᠷ ᠮᠦᠨ ᠬᠤᠶᠠᠷ ᠭᠠᠷ ᠳᠠᠯ᠎ᠠ   ᠳᠤᠨᠢ ᠰᠦᠨᠳᠡᠷᠯᠡᠵᠡᠢ᠃ ᠲᠤᠰ ᠤᠷᠳᠤ ᠶᠢᠨ ᠠᠷᠤ ᠳᠤ ᠬᠤᠶᠢᠰᠢ ᠬᠠᠨᠳᠤᠭᠰᠠᠨ ᠬᠠᠷᠰᠢ ᠳᠤ ᠬᠤᠮᠰᠢᠮ ᠪᠤᠳᠢᠰᠠᠳ᠋ᠸ᠎ᠠ  ᠪᠤᠷᠬᠠᠨ ᠢ ᠳᠡᠬᠢᠵᠦ ᠪᠠᠶᠢᠳᠠᠭ᠃       ᠡᠨᠡ ᠬᠤᠮᠰᠢᠮ ᠪᠤᠳᠢᠰᠡᠳ᠋ᠸ᠎ᠠ ᠶᠢᠨ ᠬᠠᠷᠰᠢ ᠶᠢᠨ ᠬᠤᠶᠢᠨ᠎ᠠ ᠭᠤᠤᠯ ᠲᠤᠭᠠᠩ ᠰᠦᠨᠳᠡᠷᠡᠯᠡᠨᠡᠮ᠃ ᠲᠤᠰ ᠲᠤᠭᠠᠩ   ᠤᠨ ᠡᠬᠦᠳᠡᠨ ᠤ ᠳᠡᠬᠡᠳᠤ ᠲᠠᠯ᠎ᠠ ᠳᠤ ᠤᠤᠯ ᠰᠦᠮ᠎ᠡ ᠶᠢᠨ ᠨᠡᠷᠡᠶᠢᠳᠤᠯ—— ᠦᠯᠵᠡᠶᠢᠳᠤ ᠨᠤᠮᠤᠨ ᠬᠦᠷᠳᠦᠨ  ᠰᠦᠮ᠎ᠡ ᠶᠢ ᠮᠤᠩᠭᠤᠯ ᠬᠢᠳᠠᠳ ᠲᠦᠪᠡᠳ ᠮᠠᠨᠵᠦ ᠦᠰᠦᠭ ᠢᠶᠠᠷ ᠪᠢᠴᠢᠨ ᠡᠯᠬᠦᠵᠦ ᠪᠠᠶᠢᠨ᠎ᠠ᠃ ᠲᠤᠭᠠᠩ ᠤᠨ ᠤᠷᠤᠢ  ᠳᠡᠭᠡᠷᠡᠬᠢ ᠠᠯᠳᠠᠨ ᠭᠠᠨᠵᠤᠷ᠎ᠠ ᠨᠢᠳᠤ ᠶᠢ ᠭᠢᠯᠠᠰᠬᠠᠳᠠᠭ᠃ ᠲᠤᠭᠠᠩ ᠢ 36 ᠴᠢᠯᠠᠭᠤᠨ ᠪᠠᠭᠠᠨ᠎ᠠ ᠲᠤᠭᠤᠷᠢᠬᠯᠠᠨ  ᠬᠦᠷᠢᠶᠡᠯᠡᠵᠦ ᠪᠠᠶᠢᠨ᠎ᠠ᠃ ᠲᠤᠰ ᠲᠤᠭᠠᠩ ᠤᠨ ᠲᠤᠳᠤᠷ᠎ᠠ ᠱᠠᠬᠢᠮᠤᠨᠢ ᠵᠡᠷᠭᠡ ᠪᠤᠷᠬᠠᠨ ᠢ ᠴᠢᠨᠳᠠᠭᠠᠨ ᠴᠠᠭᠠᠨ ᠴᠢᠯᠠᠭᠤ ᠪᠠᠷ  ᠰᠠᠶᠢᠯᠤᠨ ᠲᠠᠬᠢᠵᠦ ᠪᠠᠶᠢᠨ᠎ᠡ᠃ ᠲᠤᠭᠠᠩ ᠳᠤ ᠯᠠᠮᠡ ᠨᠠᠷ ᠬᠤᠷᠠᠯ ᠬᠤᠷᠠᠵᠦ ᠨᠠᠮ ᠤᠩᠰᠢᠳᠠᠭ᠃ ᠲᠤᠭᠠᠩ ᠤᠨ ᠪᠠᠷᠠᠭᠤᠨ  ᠤᠷᠳᠤ ᠲᠠᠯ᠎ᠠ ᠳᠤ ᠰᠠᠶ᠋ᠢᠨᠢᠩᠪᠤ ᠪᠤᠷᠬᠠᠨ ᠢ ᠳᠠᠬᠢᠬᠰᠠᠨ ᠬᠠᠷᠰᠢ᠂ ᠵᠡᠬᠦᠨ ᠲᠠᠯ᠎ᠠ ᠳᠤ ᠨᠢ ᠤᠳᠠᠴᠢ ᠪᠤᠷᠬᠠᠨ ᠢ ᠲᠠᠬᠢᠬᠰᠠᠨ  ᠬᠠᠷᠰᠢ ᠤᠴᠤᠬᠯᠠᠵᠦ ᠪᠠᠶᠢᠨ᠎ᠡ᠃ ᠤᠳᠤ ᠰᠦᠮ᠎ᠡ ᠳᠤ ᠠᠷᠪᠡᠨ ᠬᠡᠳᠤᠨ ᠯᠠᠮᠠ ᠨᠠᠷ ᠪᠠᠶᠢᠵᠦ ᠨᠢᠩᠴᠧᠩ ᠰᠢᠶᠠᠨ ᠤ ᠨᠡᠷᠡᠳᠤ  ᠵᠤᠭᠠᠴᠠᠯ ᠤᠨ ᠨᠢᠬᠡ ᠪᠤᠯᠤᠬᠰᠠᠨ ᠶᠤᠮ᠃                        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号