1᠂ ᠬᠥᠪᠡᠬᠦᠨ ᠳᠡᠭᠡᠨ ᠪᠡᠷᠢ ᠰᠣᠩᠭᠤᠬᠤ᠃ | ᠮᠠᠨ ᠤ ᠮᠤᠩᠭᠤᠯ ᠬᠦᠮᠦᠨ ᠡᠷᠲᠡᠨ ᠠᠴᠠ ᠬᠥᠪᠡᠬᠦᠨ ᠨᠢ 15 ᠥᠩᠭᠡᠷᠡᠭᠡᠳ 20 ᠨᠠᠰᠤ ᠬᠦᠷᠭᠦ ᠡᠨᠡ | ᠬᠤᠭᠤᠷᠣᠨᠳᠤ ᠬᠥᠪᠡᠬᠦᠨ ᠳᠡᠭᠡᠨ ᠪᠡᠷᠢ ᠰᠣᠩᠭᠤᠨ᠎ᠠ᠃ ᠰᠣᠩᠭᠤᠬᠤ ᠠᠷᠭ᠎ᠠ᠄ ᠬᠥᠪᠡᠬᠦᠨ ᠤ ᠡᠴᠢᠭᠡ ᠡᠬᠡ ᠨᠢ ᠡᠵᠡᠨ | ᠮᠡᠳᠡᠵᠦ ᠬᠥᠪᠡᠬᠦᠨ ᠢᠶᠠᠨ ᠳᠠᠭᠠᠭᠤᠯᠵᠤ᠂ ᠤᠯᠠᠨ ᠬᠦᠮᠦᠰ ᠴᠤᠭᠯᠠᠬᠤ ᠬᠤᠷᠠᠯ ᠴᠢᠭᠤᠯᠭᠠᠨ ᠳᠤ ᠲᠤᠭᠤᠷᠢᠨ ᠥᠬᠢᠨ | ᠦᠵᠡᠵᠦ᠂ ᠪᠡᠷᠢ ᠰᠣᠩᠭᠤᠳᠠᠭ᠃ | ᠠᠩᠬ᠎ᠠ 1225 ᠣᠨ ᠳᠤ ᠵᠣᠬᠢᠶᠠᠭᠰᠠᠨ ᠣᠪᠣᠭ᠎ᠠ ᠳᠠᠬᠢᠬᠤ ᠬᠤᠷᠠᠯᠳᠤᠭᠠᠨ ᠳᠤ ᠪᠥᠭᠡ ᠪᠠᠷᠢᠯᠳᠤᠬᠤ᠂ | ᠮᠣᠷᠢ ᠤᠷᠤᠯᠳᠤᠬᠤ᠂ ᠰᠤᠮᠤ ᠬᠠᠷᠪᠤᠬᠤ ᠵᠡᠷᠭᠡ ᠶᠡᠭᠡ ᠨᠠᠭᠠᠳᠤᠮ ᠬᠢᠭᠰᠡᠨ ᠭᠡᠳᠡᠭ᠃ ᠮᠠᠨᠵᠤ ᠴᠢᠩ ᠤᠯᠤᠰ ᠤᠨ | ᠡᠩᠬᠡ ᠠᠮᠤᠭᠤᠯᠠᠩ ᠬᠠᠭᠠᠨ ᠤ 44 ᠳ᠋ᠤᠭᠡᠷ ᠣᠨ ᠳᠤ ᠲᠡᠮᠡᠭᠡᠢ ᠶᠢᠨ ᠰᠦᠮ᠎ᠡ ᠬᠡᠮᠡᠨ ᠪᠠᠶᠢᠭᠤᠯᠤᠨ ᠥᠭᠭᠦᠭᠰᠡᠨ ᠠᠴᠠ | ᠬᠤᠶᠢᠰᠢ ᠨᠠᠶᠢᠷᠠᠯᠳᠤ ᠲᠥᠪ᠂ ᠲᠡᠭᠷᠢ ᠲᠡᠳᠭᠦᠭᠴᠢ ᠶᠢᠨ ᠰᠡᠭᠦᠯᠴᠢ ᠶᠢᠨ ᠦᠶ᠎ᠡ ᠪᠤᠯᠳᠠᠯ᠎ᠠ ᠮᠠᠨ ᠤ ᠬᠤᠰᠢᠭᠤᠨ ᠳᠤ | ᠨᠡᠷᠡᠳᠡᠢ ᠰᠥᠮ᠎ᠡ72 ᠪᠠᠶᠢᠭᠤᠯᠤᠬᠳᠠᠭᠠᠳ ᠬᠡᠳᠦᠨ ᠮᠢᠩᠭᠠᠨ ᠯᠠᠮᠠ ᠲᠠᠢ ᠪᠤᠯᠵᠦ᠂ ᠵᠢᠯ ᠪᠦᠷᠢ ᠴᠠᠮ ᠮᠠᠶᠢᠳᠠᠷᠢ ᠶᠢᠨ | ᠬᠤᠷᠠᠯ 13᠂ 14 ᠤᠳᠠᠭ᠎ᠠ ᠵᠤᠭᠢᠶᠠᠬᠳᠠᠭᠠᠳ᠂ ᠴᠠᠭᠠᠨ ᠰᠠᠷ᠎ᠠ ᠶᠢᠨ 15᠂16 ᠤ ᠡᠳᠤᠷ᠂ ᠮᠠᠷᠠᠲᠤ ᠶᠢᠨ | ᠬᠤᠷᠤᠭᠠᠨ ᠤ ᠦᠯᠵᠡᠶᠢᠳᠦ ᠨᠤᠮ ᠤᠨ ᠬᠤᠰᠢᠭᠤᠨ ᠰᠦᠮ᠎ᠡ᠂ ᠲᠤᠤᠷ᠎ᠠ ᠬᠤᠷᠤᠭᠠᠨ ᠤ ᠡᠹᠦ᠋ ᠨᠤᠶᠠᠨ ᠤ ᠪᠤᠶᠠᠨ | ᠪᠠᠳᠠᠷᠠᠬᠴᠢ ᠰᠦᠮ᠎ᠡ᠂ ᠰᠤᠪᠤᠷᠭᠠᠨ ᠬᠤᠲᠠ ᠶᠢᠨ ᠬᠥᠩ ᠨᠤᠶᠠᠨ ᠤ ᠲᠡᠭᠦᠰ ᠪᠠᠶᠠᠰᠬᠤᠯᠠᠩᠳᠦ ᠰᠦᠮ᠎ᠡ ᠵᠡᠷᠭᠡ ᠳᠤ | ᠴᠦᠮ ᠶᠡᠭᠡ ᠴᠠᠮ ᠤᠨ ᠬᠤᠷᠠᠯ ᠲᠠᠢ᠂ ᠡᠭᠦᠨ ᠳᠤ ᠮᠢᠩᠭ᠎ᠠ ᠲᠥᠮᠡᠨ ᠬᠦᠮᠦᠰ ᠴᠤᠭᠯᠠᠷᠠᠳᠠᠭ᠃ ᠯᠢᠶᠤᠤ ᠤᠯᠤᠰ ᠤᠨ | ᠲᠤᠮᠳᠠᠳᠤ ᠨᠠᠶᠢᠰᠯᠠᠯ ᠬᠤᠲᠠ᠂ ᠮᠠᠨ ᠤ ᠬᠤᠰᠢᠭᠤᠨ ᠤ ᠲᠤᠳᠤᠷ᠎ᠠ ᠪᠠᠶᠢᠬᠤ ᠲᠤᠯᠠ ᠵᠢᠯ ᠪᠦᠷᠢ ᠶᠢᠨ ᠲᠦᠷᠪᠡᠨ ᠰᠠᠷ᠎ᠠ | ᠶᠢᠨ ᠰᠢᠨ᠎ᠡ ᠶᠢᠨ ᠨᠠᠢᠮᠠᠨ ᠠᠴᠠ ᠡᠬᠢᠯᠡᠨ ᠠᠷᠪᠠᠭᠠᠳ ᠡᠳᠤᠷ ᠬᠤᠷᠠᠯ ᠴᠤᠭᠯᠠᠭᠠᠨ ᠬᠢᠳᠡᠭ᠃ ᠡᠨᠡ ᠬᠤᠲᠠ ᠶᠢᠨ ᠶᠡᠭᠡ | ᠰᠤᠪᠤᠷᠭ᠎ᠠ ᠨᠢ 44 ᠠᠯᠲᠠ ᠢᠯᠡᠭᠦᠦ ᠦᠨᠳᠦᠷ᠂ ᠰᠤᠪᠤᠷᠭᠠᠨ ᠤ 8 ᠲᠠᠯ᠎ᠠ ᠳᠤ ᠤᠷᠠᠯᠠᠨ ᠪᠠᠷᠢᠬᠰᠠᠨ 8 | ᠪᠤᠳᠢᠰᠠᠳ᠋ᠸ᠎ᠠ ᠪᠤᠷᠬᠠᠨ ᠤ ᠬᠦᠷᠥᠭ ᠲᠠᠢ᠂ ᠮᠦᠷᠬᠦᠯᠴᠢᠨ ᠤ ᠬᠦᠮᠦᠰ ᠭᠡᠳᠦᠨ ᠲᠥᠮᠡ ᠪᠠᠷ ᠴᠤᠭᠯᠠᠷᠠᠬᠤ ᠶᠤᠮ᠃ | ᠲᠡᠭᠦᠨ ᠠᠴᠠ ᠭᠠᠳᠠᠨ᠎ᠠ ᠤᠶᠢᠷ᠎ᠠ ᠤᠷᠴᠢᠮ ᠤᠨ ᠤᠷᠤᠭ ᠰᠠᠳᠤᠨ ᠤ ᠬᠤᠷᠢᠮ ᠬᠢᠬᠦ ᠳᠤ ᠤᠷᠤᠯᠴᠠᠨ᠎ᠠ᠃ ᠡᠳᠡᠭᠡᠷ | ᠬᠤᠷᠠᠯ ᠴᠢᠭᠤᠯᠭᠠᠨ ᠨᠠᠶᠢᠷ ᠨᠠᠭᠠᠳᠤᠮ ᠳᠤ ᠤᠷᠤᠯᠴᠠᠭᠠᠳ ᠦᠵᠡᠵᠦ ᠬᠠᠷᠠᠬᠰᠠᠭᠠᠷ ᠲᠤᠭᠤᠮᠵᠢᠯᠡᠬᠰᠠᠨ ︵ | ᠲᠤᠭᠤᠮᠰᠠᠷᠯᠠᠬᠰᠠᠨ︶ ᠥᠬᠢᠨ ᠤ ᠭᠡᠷ ᠡᠷᠤᠭᠡ᠂ ᠵᠠᠩ ᠪᠠᠶᠢᠳᠠᠯ ᠢ ᠰᠤᠷᠠᠭᠯᠠᠵᠦ ᠤᠯᠤᠬᠰᠠᠨ ᠤ ᠲᠠᠷᠠᠭ᠎ᠠ᠂ ᠬᠠᠷ᠎ᠠ | ᠠᠷᠢᠬᠢ ᠬᠡᠲᠤᠨ ᠵᠢᠩ ᠠᠪᠴᠦ ᠵᠠᠭᠤᠴᠢᠨ ᠢᠯᠡᠭᠡᠵᠦ᠂ ᠥᠬᠢᠨ ᠤ ᠡᠴᠢᠭᠡ ᠡᠭᠡ ᠲᠠᠢ ᠤᠴᠠᠷᠠᠭᠠᠳ ᠤᠷᠤᠭ | ᠪᠠᠷᠢᠯᠴᠠᠬᠤ ᠶᠢ ᠭᠡᠯᠡᠯᠴᠡᠨ ᠵᠥᠪᠰᠢᠶᠡᠷᠡᠭᠰᠡᠨ ᠲᠠᠷᠤᠢ ᠬᠠᠳᠠᠭ ᠡᠯᠬᠦᠬᠦ ᠡᠳᠤᠷ ᠢ ᠪᠤᠯᠵᠤᠵᠦ ᠲᠤᠬᠳᠠᠨ᠎ᠠ᠃ | |