ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
2᠂ ᠬᠠᠳᠠᠭ ᠡᠷᠭᠦᠵᠦ ᠠᠮᠠ ᠨᠡᠭᠡᠭᠡᠬᠦ [ 2]  ᠃ ᠪᠤᠯᠵᠦᠵᠦ ᠲᠤᠬᠳᠠᠬᠰᠠᠨ ᠡᠳᠤᠷ ᠲᠤ ᠵᠠᠭᠤᠴᠢᠨ ᠲᠠᠯ᠎ᠠ ᠪᠡᠯᠡᠭ  ᠢᠶᠠᠨ ᠠᠪᠴᠦ᠂ ᠥᠬᠢᠨ ᠤ ᠡᠴᠢᠭᠡ ᠡᠭᠡ ᠶᠢᠨ ᠬᠢᠨ ᠳᠤ ᠬᠦᠷᠦᠨ᠎ᠡ᠃ ᠬᠦᠪᠡᠭᠦᠨ ᠤ ᠡᠴᠢᠭᠡ ᠡᠭᠡ ᠶᠢᠨ ᠪᠡᠯᠡᠳᠭᠡᠨ ᠠᠪᠠᠴᠢᠬᠤ ᠲᠠᠯ᠎ᠠ ᠪᠡᠯᠡᠭ ᠤᠨ ᠵᠤᠶᠢᠯ ᠪᠤᠯ᠄  ᠠᠷᠢᠭᠤᠨ ᠴᠠᠭᠠᠨ ᠬᠠᠳᠠᠭ ᠨᠢᠭᠡ᠂ ᠠᠷᠢᠭᠤᠨ ᠴᠠᠭᠠᠨ ᠪᠥᠳᠥᠭᠦᠨ ᠪᠦᠰ ᠠᠮᠳᠠᠷ ︵ᠠᠯᠴᠢᠭᠤᠷ︶ ︵ᠠᠮᠠᠳᠡᠷ︶ [ 3]  ᠠᠷᠪᠠᠭᠠᠳ᠂ ᠬᠠᠷ᠎ᠠ ᠠᠷᠢᠬᠢ ᠲᠦᠷᠪᠡᠨ ᠵᠢᠩ᠂ ᠪᠤᠭᠤᠳᠠᠢ  ᠶᠢᠨ ᠭᠤᠯᠢᠷ ᠲᠦᠷᠪᠡᠨ ᠵᠢᠩ ︵ ᠬᠤᠶᠠᠷ  ᠪᠠᠭᠯᠠᠭ᠎ᠠ︶᠂ ᠲᠡᠷᠭᠤᠨ ᠭᠠᠭ᠋ᠠᠢ ᠶᠢᠨ ᠮᠢᠬ᠎ᠠ ᠲᠦᠷᠪᠡᠨ ᠵᠢᠩ᠂ ᠹᠧᠨᠲ᠋ᠢᠶᠤᠤᠷ ᠲᠦᠷᠪᠡᠨ ᠵᠢᠩ᠃ ᠵᠠᠭᠤᠴᠢᠨ ᠬᠦᠮᠦᠨ᠂ ᠪᠤᠷᠬᠠᠨ ᠤ ᠡᠮᠤᠨ᠎ᠡ ᠬᠠᠳᠠᠭ ᠢ ᠡᠷᠭᠦᠵᠦ᠂ ᠲᠦᠷᠪᠡᠨ ᠵᠤᠶᠢᠯ  ᠤᠨ ᠲᠠᠯ᠎ᠠ ᠪᠡᠯᠡᠭ ᠢᠶᠠᠨ  ᠰᠢᠷᠡᠭᠡᠨ ᠲᠡᠭᠡᠷ᠎ᠡ ᠵᠢᠬᠰᠠᠭᠠᠨ ᠲᠠᠯᠪᠢᠵᠦ᠂ ᠠᠮᠠ ᠨᠡᠭᠡᠭᠡᠬᠦ ᠠᠮᠳᠠᠷ ︵ᠠᠮᠠᠳᠡᠷ︶ ᠤᠨ ᠪᠦᠰ  ᠢ ᠥᠬᠢᠨ ᠤ ᠡᠴᠢᠭᠡ ᠡᠭᠡ᠂ ᠪᠦᠬᠦ ᠭᠡᠷ ᠤᠨ ᠡᠪᠦᠭᠡ ᠡᠮᠡᠭᠡ ᠪᠠ ᠠᠬ᠎ᠠ ᠵᠠᠬ᠎ᠠ ᠨᠠᠷ ᠲᠤ ᠬᠥᠮᠥᠨ ᠪᠦᠷᠢ ᠳᠤ ᠨᠢᠭᠡ ᠪᠠᠷᠢᠭᠤᠯᠤᠨ᠎ᠠ᠃ ᠬᠦᠪᠡᠭᠦᠨ ᠤ ᠲᠠᠯ᠎ᠠ ᠶᠢᠨ ᠵᠠᠭᠤᠴᠢᠨ ᠬᠠᠳᠠᠭ ᠡᠷᠭᠦᠵᠦ ᠠᠮᠠ ᠨᠡᠭᠡᠭᠡᠬᠦ ᠠᠮᠳᠠᠷ ︵ᠠᠮᠠᠳᠡᠷ︶  ᠪᠠᠷᠢᠵᠦ ᠪᠠᠷᠠᠬᠰᠠᠨ ᠤ ᠲᠠᠷᠠᠭ᠎ᠠ᠂ ᠥᠬᠢᠨ ᠤ ᠠᠪᠤ ᠡᠵᠢ ᠠᠮᠠ ᠨᠡᠭᠡᠭᠡᠨ ᠥᠬᠢᠨ ᠢᠶᠠᠨ ᠥᠭᠬᠦ ᠶᠢ ᠵᠥᠪᠰᠢᠶᠡᠷᠡᠭᠡᠳ ᠤᠷᠤᠭ ᠪᠠᠷᠢᠯᠳᠤᠬᠤ ᠶᠢ ᠲᠤᠬᠳᠠᠨ᠎ᠠ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号