ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
4᠂ ᠥᠬᠢᠨ  ᠬᠦᠷᠯᠡᠬᠦ ︵ᠮᠤᠷᠳᠠᠭᠤᠯᠬᠤ︶ [ 4]  ᠃     ᠥᠬᠢᠨ ᠢᠶᠠᠨ ᠪᠠᠭᠤᠯᠭᠠᠨ ᠥᠭᠬᠦ ᠡᠳᠤᠷ ᠤᠨ ᠤᠷᠢᠳᠡᠢ ︵ᠤᠷᠢᠳᠦ︶ ᠰᠥᠨᠢ ᠥᠬᠢᠨ ᠤ ᠭᠡᠷ ᠲᠤ ᠠᠶᠢᠯ ᠬᠦᠷᠢᠶ᠎ᠡ ᠪᠠ ᠤᠷᠤᠭ ᠰᠠᠳᠤᠨ ᠤ ᠪᠢᠴᠢᠬᠠᠨ ᠥᠬᠢᠳ᠂ ᠪᠡᠷᠢᠶᠡᠳ ᠨᠠᠷ ᠢ ᠵᠠᠯᠠᠵᠦ ᠬᠤᠶᠠᠷ ᠰᠢᠷᠡᠭᠡ ᠵᠠᠰᠠᠵᠦ᠂ ᠥᠬᠢᠨ ᠢᠶᠠᠨ ᠲᠤᠮᠲᠠ ᠨᠢ ᠰᠠᠭᠤᠯᠭᠠᠭᠠᠳ᠂ ᠥᠬᠢᠨ ᠢᠶᠠᠨ ᠢᠳᠬᠠᠨ ᠰᠤᠷᠭᠠᠬᠤ ᠲᠠᠭᠤᠤ ᠶᠢ ᠤᠶᠠᠷᠠᠳᠠᠯ᠎ᠠ ᠲᠠᠭᠤᠯᠠᠬᠤ ᠳᠤ ᠥᠬᠢᠨ ᠨᠢ ᠰᠤᠨᠤᠰᠤᠬᠰᠠᠭᠠᠷ ᠲᠡᠰᠬᠦ ᠥᠬᠡᠢ ᠳᠡᠭᠡᠨ ᠰᠢᠷᠡᠭᠡᠨ ᠤ ᠬᠤᠶᠢᠳᠤᠢ ︵ᠬᠤᠶᠢᠳᠠᠢ᠂ ᠬᠤᠶᠢᠨ᠎ᠠ︶ ᠤᠬᠤᠷᠢᠨ ᠨᠢᠭᠤᠷ ᠢᠶᠠᠨ ᠪᠦᠳᠡᠭᠡᠵᠦ ᠭᠡᠪᠳᠡᠳᠡᠭ ᠪᠢᠯᠡ᠃ ᠲᠠᠭᠤᠴᠢ ᠨᠠᠷ ᠤᠨ ᠲᠠᠭᠤᠯᠠᠬᠤ ᠲᠠᠭᠤᠤ  ᠨᠢ« ᠲᠦᠷᠪᠡᠨ ᠲᠠᠯᠠᠢ ᠶᠢᠨ ᠲᠠᠭᠤᠤ »«  ᠲᠦᠷᠪᠡᠨ ᠬᠡᠶᠢᠰᠦᠮ᠎ᠡ ᠠᠭᠤᠯᠠ »«  ᠥᠬᠢᠨ ᠢᠶᠠᠨ ᠢᠳᠬᠠᠬᠤ ᠲᠠᠭᠤᠤ »«  ᠭᠦᠷᠯᠡᠵᠦ ᠨᠠᠶᠢᠷᠯᠠᠬᠤ ᠲᠠᠭᠤᠤ »« ᠠᠷᠤ ᠵᠠᠯ᠎ᠠ ᠡᠪᠡᠰᠦ »«  ᠬᠦᠷᠡᠩ ᠤᠯᠠᠭᠠᠨ ᠵᠢᠮᠢᠰ »«   ᠬᠠᠪᠤᠷ ᠤᠨ ᠴᠡᠭᠴᠡᠤᠭᠡᠢ » ᠵᠡᠷᠭᠡ ᠪᠤᠯᠤᠨ᠎ᠠ᠃ ᠨᠠᠶᠢᠷ ᠲᠤ ᠤᠷᠤᠯᠴᠠᠬᠰᠠᠨ ᠤᠯᠠᠨ  ᠢᠶᠠᠷ ᠢᠶᠠᠨ ᠠᠷᠢᠬᠢ ᠶᠢ ᠨᠢ ᠰᠤᠬᠳᠤᠳᠠᠯ᠎ᠠ ᠤᠤᠭᠤᠭᠠᠳ ᠲᠡᠷᠬᠠᠳᠠᠭ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号