ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
5᠂ ᠬᠦᠷᠭᠡᠨ ᠪᠡᠷᠢ ᠪᠠᠭᠤᠯᠭᠠᠷ᠎ᠠ ᠤᠴᠢᠬᠤ    ᠴᠢᠩ ᠤᠯᠤᠰ ᠠᠴᠠ ᠤᠷᠢᠳᠡᠬᠢ ᠬᠠᠷᠠᠴᠢᠨ ᠮᠤᠩᠭᠤᠯ ᠡᠷ᠎ᠡ ᠬᠥᠮᠥᠰ ᠤᠨ ᠭᠡᠵᠢᠭᠡ ᠶᠢ ᠪᠥᠭᠦᠯᠢ ᠪᠠᠷ ᠦᠯᠡᠳᠡᠭᠡᠵᠦ ᠪᠠᠶᠢᠬᠰᠠᠨ᠂ ᠮᠠᠨᠵᠦ ᠴᠢᠩ ᠤᠯᠤᠰ ᠲᠤᠷ ᠵᠠᠬᠢᠷᠤᠬᠳᠠᠬᠰᠠᠨ ᠠᠴᠠ ᠭᠡᠵᠢᠭᠡ ᠶᠢ ᠤᠷᠤᠢ ᠶᠢᠨ ᠲᠤᠮᠲᠠ ᠨᠢᠭᠡ ᠪᠤᠳᠢ ︵ ᠪᠤᠲᠠ︶ ᠥᠯᠡᠳᠡᠭᠡᠨ ᠥᠨᠳᠤᠷ ᠦᠰᠭᠡᠵᠦ᠂ ᠭᠤᠷᠪᠠᠨᠳᠠᠰᠢ ︵ ᠭᠤᠷᠪᠠᠨ ᠲᠡᠰᠢ︶  ᠬᠠᠭᠠᠯᠵᠦ ᠭᠤᠷᠪᠠᠨ ᠮᠥᠰᠥᠨ ᠢᠶᠠᠷ ᠰᠥᠯᠵᠢᠵᠦ ᠨᠢᠭᠡᠳᠭᠡᠨ ᠬᠥᠷᠥᠮᠯᠡᠵᠦ ︵ ᠭᠦᠷᠦᠵᠦ︶᠂ ᠠᠷᠤ ᠶᠢᠨ ᠬᠤᠶᠢᠳᠤᠢ ᠨᠢ ᠤᠨᠵᠡᠶᠢᠯᠭᠠᠨ ᠶᠠᠪᠤᠬᠤ ᠪᠤᠯᠪᠠ᠃ ᠬᠦᠷᠭᠡᠨ ᠨᠢ ᠪᠡᠷᠢ ᠪᠠᠨ ᠪᠠᠭᠤᠯᠭᠠᠷ᠎ᠠ ᠤᠴᠢᠬᠤ ᠦᠶ᠎ᠡ ᠳᠤ ᠬᠠᠷᠠᠴᠢᠨ ᠤ ᠶᠤᠰᠤᠭᠠᠷ ᠭᠡᠵᠢᠭᠡ ᠪᠠᠨ ᠵᠠᠰᠠᠵᠦ ᠬᠥᠷᠥᠮᠯᠡᠵᠦ ᠲᠤᠤᠷ᠎ᠠ ᠦᠵᠦᠬᠦᠷ ᠲᠤ ᠰᠢᠨ᠎ᠡ ᠤᠯᠠᠭᠠᠨ ᠤᠭᠤᠰᠤᠷ ︵ ᠪᠦᠴᠡ︶ ᠢᠶᠠᠷ ᠬᠥᠷᠥᠮᠯᠡᠨ ᠤᠷᠢᠶᠠᠵᠦ ᠤᠶᠠᠨ᠎ᠠ᠃ ᠰᠢᠨ᠎ᠡ ᠬᠦᠷᠭᠡᠨ ᠳᠤ ᠪᠤᠷᠤ ᠤᠯᠠᠭᠠᠨ᠂ ᠰᠢᠷ᠎ᠠ ᠥᠩᠭᠡ ᠶᠢᠨ ᠲᠤᠷᠭ᠎ᠠ ᠪᠠᠷ ᠭᠥᠪᠡᠭᠡᠯᠡᠭᠰᠡᠨ ︵ ᠡᠮᠵᠢᠶᠡᠷᠢᠯᠡᠭᠰᠡᠨ︶ ᠬᠦᠭᠡ᠂ ᠬᠦᠭᠡᠪᠳᠤᠷ᠂ ᠴᠡᠩᠭᠡᠷ ᠲᠤᠷᠭᠠᠨ ᠭᠠᠳᠠᠷᠳᠡᠢ ᠲᠡᠪᠡᠯ ᠡᠮᠤᠰᠭᠡᠭᠡᠳ᠂ ᠭᠠᠳᠠᠭᠤᠷ ᠨᠢ ᠪᠡᠷᠡᠭᠠᠨ ᠲᠤᠷᠭᠠᠨ ᠭᠦᠷᠮ᠎ᠡ ᠡᠮᠤᠰᠭᠡᠵᠦ᠂ ᠬᠠᠷ᠎ᠠ ᠲᠤᠷᠭᠠᠨ ᠲᠤᠭᠤᠷᠴᠤᠭ ᠮᠠᠯᠠᠭᠠᠢ ᠵᠡᠭᠦᠯᠭᠡᠨ ᠴᠠᠶᠢᠪᠤᠷ ᠤᠯᠠᠭᠠᠨ ᠪᠦᠰᠡ ᠪᠦᠰᠡᠯᠡᠭᠦᠯᠵᠦ᠂ ᠴᠠᠭᠠᠨ ᠪᠦᠰ ᠤᠶᠢᠮᠤᠰᠤ ᠬᠠᠷ᠎ᠠ ᠲᠤᠷᠭᠠᠨ ᠮᠠᠶᠢᠬᠠᠢ ︵ ᠮᠠᠬᠠᠢ︶ ᠶᠢ ᠬᠦᠯ ᠳᠤᠨᠢ ᠲᠥᠷᠥᠬᠦᠯᠵᠦ ︵ᠡᠮᠣᠰᠬᠦ︶᠂ ᠤᠯᠠᠭᠠᠨ ᠲᠤᠷᠭᠠᠨ ᠭᠠᠳᠠᠷ ᠲᠡᠭᠡᠷ᠎ᠡ ᠬᠦᠭᠡ᠂ ᠰᠢᠷ᠎ᠠ᠂ ᠨᠤᠭᠤᠭᠠᠨ ᠲᠤᠷᠭᠠᠨ ᠤᠳᠠᠰᠤᠨ ᠬᠤᠸᠠᠷᠳᠡᠢ ᠲᠡᠯᠢᠩ ︵ ᠲᠡᠯᠢᠶᠡᠷ︶[ 5 ] ᠳᠤᠷ ᠬᠠᠮᠠᠷ ᠲᠡᠮᠡᠬᠢ ᠶᠢᠨ ᠬᠦᠷᠡᠩ ᠤᠯᠠᠭᠠᠨ ᠮᠠᠨᠤ ᠬᠤᠪᠢᠩ ︵ ᠬᠦᠬᠦᠷ︶ ᠬᠢᠵᠦ ᠦᠭᠬᠦᠭᠡᠳ ᠪᠦᠰᠡᠨ ᠳᠤᠨᠢ ᠬᠠᠪᠴᠢᠭᠤᠯᠤᠨ᠎ᠠ᠃    ᠰᠢᠨ᠎ᠡ ᠬᠦᠷᠭᠡᠨ ᠢ ᠲᠠᠭᠠᠭᠤᠯᠵᠦ ᠪᠠᠷᠢ ᠶᠢᠨ ᠭᠡᠷ ᠲᠤ ᠤᠴᠢᠬᠤ ᠲᠦᠷᠦᠭᠦᠦ ᠬᠤᠲᠠ ᠨᠢ ᠪᠤᠤᠳᠠᠭᠠᠨ ᠮᠠᠯᠠᠭ᠎ᠠ [ 6 ] ᠵᠡᠬᠦᠵᠦ᠂ ᠴᠠᠶᠢᠪᠤᠷᠬᠠᠨ ᠲᠡᠪᠡᠯ᠂ ᠪᠠᠷᠠᠭᠠᠨ ᠥᠩᠭᠡᠲᠤ ᠬᠦᠷᠮ᠎ᠡ ᠡᠮᠤᠰᠴᠦ᠂ ᠬᠠᠮᠠᠷ ᠲᠡᠮᠡᠬᠢ ᠶᠢᠨ ᠬᠤᠪᠢᠩ ᠢ ᠲᠡᠯᠢᠩ ᠳᠠᠭᠠᠨ ᠬᠢᠵᠦ ᠪᠦᠰᠡᠨ ᠳᠡᠭᠡᠨ ᠬᠠᠪᠴᠢᠭᠤᠯᠵᠦ᠂ ᠬᠦᠯ ᠳᠡᠭᠡᠨ ᠬᠠᠷ᠎ᠠ ᠲᠤᠷᠭᠠᠨ ᠭᠤᠳᠤᠯ ᠢ ᠲᠥᠷᠥᠭᠦᠯᠳᠡᠭ᠃ ᠲᠠᠮᠠᠭᠠᠨ ᠬᠤᠲᠠ᠂ ᠲᠡᠷᠭᠡᠨ ᠬᠤᠲᠠ ᠬᠦᠭᠡᠪᠳᠤᠷ ᠲᠡᠪᠡᠯ᠂ ᠬᠠᠷᠠᠪᠳᠤᠷ ᠬᠦᠷᠮ᠎ᠡ ᠡᠮᠤᠰᠤᠭᠡᠳ᠂ ᠪᠤᠷᠤ ᠤᠯᠠᠭᠠᠨ ᠪᠦᠰᠡ ᠪᠦᠰᠡᠯᠡᠨ᠎ᠡ᠃ ᠲᠠᠮᠠᠭᠠᠨ ᠬᠤᠲᠠ ᠨᠢ ᠤᠯᠠᠭᠠᠨ ᠴᠠᠭᠠᠰᠤᠨ ᠳᠤ ᠪᠢᠴᠢᠭᠰᠡᠨ ᠲᠠᠮᠠᠭ᠎ᠠ ᠪᠢᠴᠢᠭ[ 7 ] ᠢ ᠠᠯᠴᠢᠭᠤᠷ ᠲᠤ ᠪᠠᠭᠯᠠᠵᠦ ᠡᠪᠤᠷᠯᠡᠨ᠎ᠡ᠃ ᠪᠡᠷᠢ ᠶᠢᠨ ᠭᠡᠷ ᠲᠤ ᠡᠬᠦᠲᠡ ᠲᠡᠷᠤᠬᠤ᠂ ᠬᠠᠷᠢ ᠳᠤ ᠰᠠᠭᠠᠯᠢ ᠶᠢᠨ ᠲᠠᠯ᠎ᠠ ᠪᠢᠴᠢᠬᠦ᠂ ᠪᠤᠳᠠᠭᠠᠴᠢ ᠨᠠᠷ ᠲᠤ ᠥᠭᠬᠦ᠂ ᠨᠡᠷ᠎ᠡ ᠭᠤᠶᠤᠬᠤ᠂ ᠭᠦᠷᠭᠡᠨ ᠬᠤᠪᠴᠠᠯᠠᠬᠤ᠂ ᠬᠦᠷᠭᠡᠨ ᠢ ᠬᠦᠨᠳᠦᠯᠡᠭᠰᠡᠳ ᠲᠤ ᠥᠭᠬᠦ ᠠᠷᠪᠠᠭᠠᠳ ᠢᠯᠡᠬᠦᠦ ᠠᠮᠳᠠᠷ ︵ᠠᠮᠠᠳᠡᠷ︶  ᠪᠡᠯᠡᠭ ᠤᠨ ᠴᠠᠭᠠᠨ ᠪᠦᠰ᠂ ᠬᠤᠶᠠᠷ ᠪᠤᠳᠤᠩ ᠨᠢᠭᠡ ᠯᠤᠩᠬᠤ ᠬᠠᠷ᠎ᠠ ᠠᠷᠢᠬᠢ᠂ ᠵᠠᠰᠠᠯᠭ᠎ᠠ ᠶᠢᠨ  ᠪᠦᠷᠬᠦᠬᠦᠯ ᠪᠦᠰ᠂ ᠨᠥᠮᠥᠷᠭᠡᠭᠦ ᠲᠡᠪᠡᠯ ᠤᠳ ᠢ ᠲᠠᠪᠠᠷᠭ᠎ᠠ ︵ ᠲᠠᠪᠰᠠᠭ︶ ᠳᠤᠷ ᠬᠢᠵᠦ᠂ ᠬᠤᠨᠢ ᠦᠭᠡᠷ ᠤᠨ ᠰᠢᠭᠦᠰᠦ ᠶᠢ ᠤᠭᠤᠲᠠ ᠳᠤᠷ ᠬᠢᠵᠦ ᠴᠦᠮ ᠲᠠᠷᠭᠠᠨ  ᠳᠤ ᠲᠡᠭᠡᠭᠡᠨ᠎ᠡ᠃ ᠪᠠᠰᠠ ᠪᠠᠭᠤᠯᠭᠠᠨ ᠢᠷᠡᠬᠦ ᠪᠡᠷᠢ ᠲᠠᠢ ᠢᠪᠡᠭᠡᠯ ᠵᠢᠯᠳᠡᠢ [ 8] ᠠᠷᠪᠠᠨ ᠬᠡᠳᠤᠨ ᠨᠠᠰᠤᠳᠠᠢ ᠨᠢᠭᠡᠨ ᠥᠬᠢᠨ ᠢ ᠥᠬᠢᠨ ᠬᠤᠳᠠᠭᠠᠢ[ 9 ] ᠪᠤᠯᠭᠠᠨ᠂ ᠨᠤᠭᠤᠭᠠᠨ ᠥᠩᠭᠡᠲᠦ ᠲᠡᠪᠡᠯ ᠬᠦᠭᠡ ᠥᠩᠭᠡᠲᠤ ᠬᠠᠷ᠎ᠠ ᠤᠯᠠᠭᠠᠨ ᠬᠤᠸᠠᠷ ᠲᠠᠢ ᠤᠤᠵᠢ ᠡᠮᠤᠰᠭᠡᠵᠦ᠂ ᠤᠭᠠᠯᠵᠠᠨ ᠬᠤᠸᠡᠷᠳᠡᠢ ᠤᠯᠠᠭᠠᠨ ᠲᠤᠷᠭᠠᠨ ᠱᠠᠬᠠᠢ ᠶᠢ ᠲᠥᠷᠥᠭᠦᠯᠵᠦ ᠬᠦᠭᠡ ᠵᠢᠷᠤᠭ᠎ᠠ ᠰᠡᠤᠭᠡ ᠲᠡᠷᠭᠡᠨ[ 10 ] ᠳᠤ ᠰᠠᠭᠤᠯᠭᠠᠳᠠᠭ᠃ ᠶᠢᠰᠦᠨ ᠮᠦᠭᠡᠷ ᠠᠷᠪᠠᠨ ᠨᠠᠢᠮᠠᠨ ᠭᠡᠭᠡᠰᠤᠳᠤ ᠱᠠᠨ ᠰᠢ ᠬᠦᠭᠡ ᠵᠢᠷᠤᠭ᠎ᠠ ᠰᠡᠤᠭᠡ ᠲᠡᠷᠭᠡ ᠶᠢᠨ ᠡᠬᠦᠳᠡᠨ ᠳᠤ ᠤᠯᠠᠭᠠᠨ ᠪᠦᠰ ᠤᠶᠠᠵᠦ᠂ ᠠᠯᠳᠠᠨ ᠮᠡᠯᠡᠬᠡᠢ ᠶᠢᠨ ᠬᠦᠷᠦᠭ [ 11 ] ᠢ ᠡᠯᠭᠦᠭᠡᠳ ᠲᠡᠷᠭᠡᠨ ᠳᠤ ᠬᠦᠯᠬᠦ ᠬᠦᠯᠬᠦ ᠬᠤᠶᠠᠷ ᠯᠠᠭᠠᠤᠰᠠ ᠬᠦᠮᠦᠨ ᠤ ᠤᠨᠤᠬᠤ ᠭᠤᠷᠪᠠᠨ ᠮᠤᠷᠢᠨ‌‍ᠳᠤᠷ ᠬᠡᠳᠤᠨ ᠴᠤᠷᠪᠤᠰ ︵ ᠵᠤᠷᠪᠤᠰ︶ ᠤᠯᠠᠭᠠᠨ ᠪᠥᠰ ᠢ ᠰᠡᠬᠦᠯ ᠲᠡᠯ ᠳᠤ   ᠨᠢ ᠤᠶᠠᠭᠠᠳ ᠪᠠᠶᠠᠷ ᠢ ᠪᠡᠯᠭᠡᠳᠡᠳᠡᠭ᠃ ᠲᠥᠷᠥᠬᠦᠦ ᠬᠤᠲᠠ᠂ ᠲᠠᠮᠠᠭᠠᠨ ᠬᠤᠲᠠ᠂ ᠰᠢᠨ᠎ᠡ ᠬᠦᠷᠭᠡᠨ ᠲᠠᠢ ᠬᠠᠮᠲᠤ ᠡᠮᠡᠭᠡᠯ ᠲᠤᠬᠤᠵᠦ ᠬᠠᠵᠠᠭᠠᠷ ᠵᠡᠭᠦᠯᠭᠡᠭᠰᠡᠨ ᠮᠤᠷᠢᠨ ᠳᠤ ᠮᠤᠷᠳᠡᠵᠦ᠂ ᠮᠢᠯᠠᠭ᠎ᠠ ᠲᠠᠰᠢᠭᠤᠷ ᠢᠶᠠᠷ ᠴᠤᠬᠢᠯᠠᠵᠦ ᠶᠠᠪᠤᠳᠠᠭ᠃ ᠬᠤᠶᠢᠨ᠎ᠡ ᠠᠴᠠ ᠨᠢ ᠲᠡᠷᠭᠡᠨ ᠬᠤᠲᠠ ᠲᠠᠰᠢᠭᠤᠷ ᠢᠶᠠᠨ ᠬᠤᠷᠤᠶᠢᠯᠠᠵᠦ ᠥᠬᠢᠨ ᠬᠤᠳᠠᠭᠠᠢ ᠡᠮᠤᠨ᠎ᠡ ᠬᠦᠯ ᠢᠶᠠᠨ ᠤᠨᠵᠠᠶᠢᠯᠭᠠᠨ ᠰᠠᠭᠤᠭᠠᠳ ᠰᠡᠤᠭᠡ ᠲᠡᠷᠭᠡ   ᠪᠠᠨ ᠭᠡᠯᠢᠵᠦ ᠮᠤᠷᠢᠳᠡᠨ ᠢ ᠲᠠᠭᠠᠵᠦ ᠮᠤᠷᠳᠠᠳᠠᠭ᠃ ᠠᠶᠢᠯ ᠠᠴᠠ ᠠᠯᠤᠰ ᠭᠠᠵᠠᠷ ᠬᠦᠷᠦᠭᠡᠳ᠂ ᠲᠠᠮᠠᠭᠠᠨ ᠬᠤᠲᠠ᠂ ᠰᠢᠨ᠎ᠡ ᠬᠦᠷᠭᠡᠨ ᠲᠠᠢ ᠤᠨᠤᠭᠠᠨ ᠠᠴᠠ ᠪᠠᠭᠤᠵᠦ  ᠯᠤᠩᠬᠤ ᠲᠠᠢ ᠠᠷᠢᠬᠢ ᠶᠢ ᠠᠪᠴᠦ ᠬᠦᠷᠭᠡᠨ ᠬᠦᠦ ᠶᠢ ᠰᠥᠬᠦᠳᠬᠡᠨ ᠠᠷᠢᠬᠢ ᠶᠢ ᠴᠠᠴᠤᠯᠭ᠎ᠠ ︵ ᠰᠠᠴᠤᠯᠢ︶ ᠴᠠᠴᠤᠵᠦ ︵ᠰᠠᠴᠤᠵᠦ︶᠂ ᠪᠡᠯᠡᠭ ᠢ ︵ᠪᠡᠯᠭᠡ ᠶᠢ︶ ᠨᠢᠭᠡᠨ ᠮᠦᠷ ︵ ᠨᠢᠭᠡᠨ ᠤᠳᠠᠭ᠎ᠠ︶ ᠤᠩᠰᠢᠵᠦ ᠮᠤᠷᠢᠨ ᠳᠠᠭᠠᠨ ᠭᠠᠷᠴᠠᠭᠠᠵᠦ ᠪᠠᠷᠢ ᠶᠢᠨ ᠭᠡᠷ ᠢ ᠵᠥᠭᠯᠡᠵᠦ ᠶᠠᠪᠤᠨ᠎ᠠ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号