6᠂ ᠪᠡᠷᠢ ᠶᠢᠨ ᠭᠡᠷ ᠲᠤ ᠡᠭᠦᠲᠡ ᠲᠠᠷᠤᠬᠤ᠃ | ᠬᠦᠷᠭᠡᠨ ᠤ ᠲᠠᠯ᠎ᠠ ᠶᠢᠨ ᠬᠢᠨ ᠪᠡᠷᠢ ᠶᠢᠨ ᠭᠡᠷ ᠤᠨ ᠡᠭᠦᠳᠡᠨ ᠳᠤ ᠢᠷᠡᠭᠡᠳ ᠤᠨᠤᠭᠠᠨ ᠠᠴᠠ ᠪᠠᠭᠤᠵᠦ | ᠪᠡᠷᠢ ᠶᠢᠨ ᠭᠡᠷ ᠲᠤ ᠤᠷᠤᠬᠤ ᠭᠡᠬᠦ ᠳᠤ ᠡᠭᠦᠲᠡ ᠰᠠᠬᠢᠬᠴᠢ ᠡᠬᠦᠲᠡ ᠲᠠᠷᠤᠵᠦ᠂ ᠪᠡᠷᠢ ᠶᠢᠨ ᠭᠡᠷ ᠲᠤ ᠤᠷᠤᠭᠤᠯᠬᠤ | ᠦᠭᠡᠢ ᠭᠡᠨ᠎ᠡ᠃ ᠡᠭᠦᠲᠡ ᠰᠠᠬᠢᠬᠴᠢ᠂ ᠲᠠᠮᠠᠭᠠᠨ ᠬᠤᠲᠠ ᠲᠠᠢ ᠨᠢᠭᠡᠨ ᠵᠡᠷᠭᠡ ᠪᠡᠯᠩ ︵ᠪᠡᠯᠭᠡ︶ ᠢᠶᠠᠷ ᠶᠠᠷᠢᠯᠴᠠᠨ᠎ᠠ᠃ | ᠡᠬᠦᠨ ᠳᠤ ᠠᠰᠠᠭᠤᠬᠤ ᠲᠦᠷᠪᠡᠨ ᠪᠡᠯᠩ ︵ᠪᠡᠯᠭᠡ︶ ᠬᠠᠷᠢᠭᠤᠯᠬᠤ ᠲᠦᠷᠪᠡᠨ ᠪᠡᠯᠩ ︵ᠪᠡᠯᠭᠡ︶ ᠪᠤᠢ᠃ ᠡᠭᠦᠨ ᠤ | ᠲᠠᠷᠠᠭ᠎ᠠ ᠲᠠᠮᠠᠭᠠᠨ ᠬᠤᠲᠠ ᠶᠢᠨ ᠠᠪᠴᠢᠷᠠᠬᠰᠠᠨ ᠲᠠᠨᠰᠤᠲᠤ ᠪᠤᠳᠤᠩ ᠠᠷᠢᠬᠢ ᠬᠤᠶᠠᠷ ᠪᠤᠳᠤᠩ᠂ ᠬᠤᠨᠢ ᠦᠭᠡᠷ ᠤᠨ | ᠰᠢᠭᠦᠰᠦ ᠶᠢ ᠭᠠᠷᠭᠠᠵᠦ ᠰᠢᠷᠡᠭᠡᠨ ᠲᠡᠭᠡᠷ᠎ᠡ ᠵᠢᠬᠰᠠᠭᠠᠨ ᠲᠡᠯᠪᠢᠬᠤ ᠳᠤ ᠬᠡᠳᠤᠨ ᠪᠡᠷᠢᠶᠡᠳ ᠬᠤᠤᠰᠯᠠᠨ ᠢᠷᠡᠵᠦ᠂ | ᠲᠠᠨᠰᠤᠲᠤ ᠪᠤᠳᠤᠩ ᠠᠷᠢᠬᠢ ᠶᠢ ᠤᠬᠴᠤᠭᠤᠷ ᠢᠶᠠᠷ ᠬᠠᠳᠬᠤᠵᠦ ᠦᠵᠡᠳᠡᠯ᠎ᠡ᠂ ᠡᠬᠦᠲᠡ ᠲᠡᠷᠤᠬᠴᠢ ᠠᠴᠠ ᠬᠤᠲᠠ | ᠬᠤᠲᠠᠭᠠᠢ ᠬᠦᠷᠭᠡᠨ ᠢ ᠭᠡᠷ ᠲᠤ ᠵᠠᠯᠠᠶ᠎ᠠ ᠭᠡᠮᠡᠨ ᠬᠡᠯᠡᠭᠡᠳ ᠭᠡᠷ ᠲᠡᠭᠡᠨ ᠵᠠᠯᠠᠵᠦ ᠤᠷᠤᠭᠤᠯᠤᠨ᠎ᠠ᠃ | ︵1︶ ᠬᠤᠲᠠ ᠬᠤᠳᠠᠭᠠᠢ᠂ ᠬᠦᠷᠭᠡᠨ ᠢ ᠵᠠᠯᠠᠵᠦ ᠤᠷᠤᠭᠤᠯᠤᠮᠠᠬᠴᠠ ᠲᠠᠮᠠᠭᠠᠨ ᠬᠤᠲᠠ ᠬᠦᠷᠭᠡᠨ ᠢ ᠲᠠᠭᠠᠭᠤᠯᠤᠨ | ᠭᠠᠯ ᠲᠡᠬᠢᠭᠤᠯᠬᠤ ᠳᠤ ᠨᠢᠭᠡᠨ ᠪᠡᠯᠩ ︵ᠪᠡᠯᠭᠡ︶ ᠬᠡᠯᠡᠭᠡᠳ᠂ ᠵᠡᠬᠦᠨ ᠭᠡᠷ ᠲᠤ ᠲᠥᠷᠥᠬᠦᠦ ᠬᠤᠲᠠ᠂ ᠲᠠᠮᠠᠭᠠᠨ | ᠬᠤᠲᠠ᠂ ᠲᠡᠷᠭᠡᠨ ᠬᠤᠲᠠ᠂ ᠰᠢᠨ᠎ᠡ ᠭᠦᠷᠭᠡᠨ ᠲᠠᠢ ᠬᠠᠮᠲᠤ ᠰᠠᠭᠤᠯᠭᠠᠨ᠎ᠠ᠃ ᠪᠠᠷᠠᠭᠤᠨ ᠭᠡᠷ ᠲᠤ ᠵᠡᠭᠦᠨ ᠲᠠᠯ᠎ᠠ ᠪᠠᠷ | ᠥᠬᠢᠨ ᠬᠤᠳᠠᠭᠠᠢ ᠲᠥᠷᠥᠬᠦᠯᠡᠨ ᠲᠡᠰ ᠲᠡᠷᠠᠭᠠᠯᠠᠨ ᠰᠠᠭᠤᠯᠭᠠᠵᠦ᠂ ᠪᠠᠷᠠᠭᠤᠨ ᠲᠠᠯ᠎ᠠ ᠪᠠᠷ ᠡᠭᠡᠨᠡᠷ ᠤᠨ ᠲᠥᠷᠥᠬᠦᠦ | ᠬᠤᠳᠠᠭᠠᠢ ᠠᠴᠠ ᠡᠬᠢᠯᠡᠨ ᠲᠡᠰ ᠲᠠᠷᠠᠭ᠎ᠠ ᠪᠠᠷ ᠰᠠᠭᠤᠯᠴᠠᠭᠠᠳ ᠬᠤᠶᠠᠷ ᠭᠡᠷ ᠤᠨ ᠲᠥᠷᠪᠡᠨ ᠰᠢᠷᠡᠭᠡ ᠪᠦᠭᠦᠨ ᠳᠤ | ᠨᠡᠢᠮᠠᠨ ᠫᠢᠯᠠ ᠰᠢᠬᠢᠷ ᠪᠤᠭᠤᠷᠰᠤᠭ᠂ ᠨᠠᠷᠢᠨ ᠵᠢᠮᠢᠰ ᠢ ᠲᠠᠯᠪᠢᠭᠠᠳ ᠴᠠᠢ ᠪᠠᠷᠢᠬᠤ ᠪᠤᠢ᠃ ᠴᠠᠢ ᠤᠤᠭᠤᠵᠦ ᠪᠠᠷᠠᠬᠰᠠᠨ | ᠲᠠᠷᠤᠢ᠂ ᠰᠢᠷᠡᠭᠡ ᠵᠠᠰᠠᠵᠦ ᠨᠤᠭᠤᠭ᠎ᠠ ᠤᠷᠤᠭᠤᠯᠵᠦ ᠢᠷᠡᠬᠦ ᠦᠶᠡᠰ ᠲᠠᠮᠠᠭᠠᠨ ᠬᠤᠲᠠ ᠲᠠᠷᠭᠡᠨ ᠬᠤᠲᠠ᠂ ᠭᠦᠷᠭᠡᠨ | ᠲᠠᠢ ᠪᠠᠭᠤᠵᠦ ᠶᠤᠰᠤᠯᠠᠨ ᠵᠤᠬᠰᠤᠵᠦ ᠢᠷᠡᠭᠰᠡᠨ ᠤᠴᠢᠷ ᠢᠶᠠᠨ ᠪᠡᠯᠭᠡᠯᠡᠨ ᠬᠡᠯᠡᠬᠦ ᠭᠤᠷᠪᠡ ᠬᠠᠷᠢᠭᠤ ᠬᠡᠯᠡᠬᠦ ᠪᠡᠯᠩ ︵ | ᠪᠡᠯᠭᠡ︶ ᠭᠤᠷᠪᠠ ᠪᠤᠢ᠃ ᠬᠠᠳᠠᠮ ᠡᠭᠡ ᠨᠢ ᠬᠦᠷᠭᠡᠨ ᠢ ᠲᠠᠮᠠᠬᠢ ᠶᠢᠨ ᠬᠤᠪᠢᠩ ᠪᠠᠷᠢᠭᠤᠯᠤᠨ ᠬᠠᠳᠠᠮ ᠤᠨ ᠡᠪᠦᠭᠡ᠂ | ᠡᠮᠡᠭᠡ᠂ ᠡᠴᠢᠭᠡ᠂ ᠡᠭᠡ᠂ ᠠᠬ᠎ᠠ ᠵᠠᠬ᠎ᠠ ᠳᠤ ᠤᠴᠡᠷᠡᠭᠤᠯᠤᠨ ᠰᠢᠨ᠎ᠡ ᠬᠦᠷᠭᠡᠨ ᠲᠠᠮᠠᠬᠢ ᠪᠠᠷᠢᠨ ᠪᠠᠷᠠᠭᠤᠨ ᠬᠦᠯ ᠢᠶᠠᠨ | ᠨᠤᠭᠤᠯᠤᠨ ᠵᠡᠭᠦᠨ ᠬᠦᠯ ᠤᠨ ᠡᠪᠤᠳᠥᠭ ᠲᠡᠭᠡᠷ᠎ᠡ ᠭᠠᠷ ᠲᠠᠯᠪᠢᠨ ᠠᠮᠤᠷ ᠡᠷᠢᠮᠤᠢ᠂ ᠡᠭᠡᠵᠦ ᠲᠦᠷᠦᠬᠦᠦ ᠶᠢᠨ ᠰᠢᠷᠡᠭᠡᠨ | ᠤ ᠬᠠᠷᠢ ᠲᠥᠷᠥᠬᠦᠦ ᠠᠴᠠ ᠵᠠᠮ ᠤᠳᠤᠷᠢᠳᠴᠦ ᠭᠠᠵᠠᠷᠴᠢ[ 12 ] ᠶᠢ ᠭᠤᠶᠤᠮᠤᠢ᠃ | ︵2︶ ᠬᠠᠷᠢ ᠵᠠᠰᠠᠭ ᠠᠴᠠ ᠭᠠᠵᠠᠷᠴᠢ ᠶᠢ ᠵᠠᠯᠠᠬᠤ ᠳᠤ ᠲᠠᠮᠠᠭᠠᠨ ᠬᠤᠲᠠ᠄ « ᠶᠠ ︵ ᠡᠭᠦᠨ ᠢ | ᠬᠠᠷᠠᠴᠢᠨ ᠠᠶᠢᠮᠠᠭ ᠲᠤ ᠵᠧ ᠬᠡᠮᠡᠨ ᠬᠥᠨᠳᠡᠢ ᠠᠶᠠᠯᠭᠤ ᠪᠠᠷ ᠤᠩᠰᠢᠳᠠᠭ᠂ ᠲᠤᠷᠤᠬᠰᠢ ᠠᠳᠠᠯᠢ︶᠂ ᠦᠯᠵᠡᠶᠢᠲᠤ | ᠰᠡᠷ᠎ᠡ ᠡᠳᠤᠷ ᠲᠡᠭᠡᠷ᠎ᠡ ᠦᠷᠦᠰᠢᠶᠡᠯᠲᠤ ᠡᠶ᠋ᠢ [ 13] ᠨᠠᠷ ᠤᠨ ᠲᠡᠨᠲᠡ ᠡᠴᠢᠶ᠎ᠡ ᠭᠡᠭᠦᠯ᠎ᠡ ᠶᠠᠪᠤᠭᠠᠳᠤᠢ ᠵᠠᠮ ᠲᠠᠮᠤ | ᠭᠡᠨ᠎ᠡ᠂ ᠦᠵᠡᠭᠡᠳᠤᠢ ᠬᠦᠮᠦᠨ ᠨᠤᠶᠠᠨ ᠭᠡᠨ᠎ᠡ᠂ ᠡᠷᠬᠢᠨ ᠵᠠᠰᠠᠭ ᠠᠴᠠ ᠰᠠᠶᠢᠨ ᠭᠠᠵᠠᠷᠴᠢ ᠪᠠᠶᠢᠪᠠᠯ ᠬᠦᠷᠳᠡᠭᠡᠨᠡᠤ » | ᠬᠡᠮᠡᠨ ᠭᠤᠶᠤᠨ ᠮᠡᠳᠡᠭᠦᠯᠦᠨ᠎ᠡ᠃ ᠵᠠᠰᠠᠭ ᠠᠴᠠ᠄ « ᠦᠢ᠂ ᠭᠠᠵᠠᠷᠴᠢ ᠬᠠᠮᠢᠭ᠎ᠠ ᠪᠠᠶᠢᠨ᠎ᠠ» ᠬᠡᠮᠡᠨ ᠡᠷᠢᠵᠦ | ᠤᠯᠤᠭᠠᠳ ᠭᠠᠵᠠᠷᠴᠢ ᠶᠢ ᠵᠢᠭᠠᠵᠦ ᠥᠭᠭᠦᠭᠡᠳ ᠬᠡᠯᠡᠬᠦ ᠨᠢ« ᠮᠠᠨ ᠤ ᠭᠠᠵᠠᠷᠴᠢ ᠪᠠᠭ᠋ᠠᠨ ᠶᠠᠷᠰᠢᠭ ᠲᠠᠢ ᠶᠤᠮ ᠡ᠂ | ᠶᠡᠭᠡ ᠪᠠᠭᠤᠴᠠ ᠲᠠᠭᠠᠷᠠᠪᠠᠯ ᠶᠡᠭᠡᠪᠡᠷ ᠬᠤᠷᠢᠮᠯᠡᠵᠦ ᠦᠳᠡᠯᠡᠭᠦ ᠶᠤᠮ ᠡ᠂ ᠪᠠᠭ᠎ᠠ ᠪᠠᠭᠤᠴᠠ ᠲᠠᠭᠠᠷᠠᠪᠠᠯ ᠪᠠᠭ᠎ᠠ ᠰᠠᠭ᠎ᠠ | ᠠᠷᠢᠬᠢ ᠤᠤᠭᠤᠳᠠᠭ ᠶᠤᠮ ᠡ»᠃ ᠲᠠᠮᠠᠭᠠᠨ ᠬᠤᠲᠠ᠂ ᠲᠡᠷᠭᠡᠨ ᠬᠤᠲᠠ᠂ ᠰᠢᠨ᠎ᠡ ᠬᠦᠷᠭᠡᠨ ᠢ ᠲᠠᠭᠠᠭᠤᠯᠤᠨ | ᠡᠭᠡᠨᠡᠷ ᠤᠨ ᠰᠢᠷᠡᠭᠡᠨ ᠳᠤ ᠬᠦᠷᠴᠦ ᠡᠪᠥᠳᠥᠭ ᠲᠠᠷᠤᠵᠦ᠂ ᠲᠥᠷᠥᠭᠦᠦ ᠬᠤᠳᠠᠭᠠᠢ ᠨᠠᠷ ᠲᠤ ᠠᠷᠢᠬᠢ ᠪᠠᠷᠢᠭᠠᠳ ᠬᠡᠯᠡᠬᠦ | ᠪᠡᠯᠩ ︵ᠪᠡᠯᠭᠡ︶ ᠨᠢ᠄ « ᠶᠠ ︵ᠵᠧ ︶ ᠪᠤᠳᠤᠯᠠᠩ ᠠᠭᠤᠯᠠ ᠶᠢᠨ ᠰᠢᠭᠤᠢ ᠳᠤ / ᠪᠤᠷᠤ ᠲᠤᠳᠢ | ᠡᠭᠡᠰᠢᠭᠯᠡᠬᠦ / ᠪᠤᠶᠠᠨ ᠪᠠᠷᠢᠯᠳᠤᠭ᠎ᠠ ︵ᠪᠠᠷᠢᠯᠳᠤᠯᠭ᠎ᠠ︶ ᠭᠡᠭᠴᠢ / ᠪᠤᠯᠪᠠᠷᠠᠢ ᠬᠡᠤᠭᠡᠳ ᠤᠨ ᠨᠠᠰᠤᠨ ᠤ ᠢᠳᠡᠷ / | ᠨᠠᠰᠤᠨ ᠤ ᠤᠷᠭᠤᠬᠰᠠᠨ ᠰᠠᠶᠢᠬᠠᠨ ᠨᠠᠷᠠ ᠨᠠᠰᠤ ᠶᠢ / ᠨᠠᠰᠤᠳᠠᠢ ᠡᠶ᠋ᠢ ᠨᠠᠷ ᠠᠴᠠ ᠭᠤᠶᠤᠨ᠎ᠠ » ᠭᠡᠵᠦ ᠭᠡᠯᠡᠬᠦ ᠳᠤ | ᠭᠠᠵᠠᠷᠴᠢ ᠲᠠᠮᠠᠭᠠᠨ ᠬᠤᠲᠠ ᠲᠠᠢ ᠬᠠᠷᠢᠯᠴᠠᠨ ᠲᠦᠴᠢᠭᠡᠳ ᠪᠠᠳᠠᠭ ᠭᠡᠯᠡᠯᠴᠡᠬᠦ ᠳᠤ᠂ ᠵᠠᠯᠠᠭᠤ ᠪᠠᠷᠢ ᠪᠢᠴᠢᠬᠠᠨ | ᠥᠬᠢᠳ« ᠲᠠᠭᠤᠤ ᠲᠠᠭᠤᠯᠠᠵᠦ ᠥᠭᠪᠡᠯ ᠨᠡᠷ᠎ᠡ ᠵᠢᠯ ᠢ ᠨᠢ ᠭᠡᠯᠡᠵᠦ ᠥᠭᠭᠦᠶ᠎ᠡ » ᠬᠡᠵᠦ ᠬᠡᠯᠡᠨ᠎ᠡ᠃ ᠨᠡᠷ᠎ᠡ | ᠭᠤᠶᠤᠬᠤ ᠲᠠᠭᠤᠤ ᠶᠢ ᠠᠷᠪᠠᠭᠠᠳ ᠪᠠᠳᠠᠭ ᠲᠠᠭᠤᠯᠠᠬᠤ ᠳᠤ ᠰᠠᠶ᠋ᠢ ᠨᠡᠷ᠎ᠡ ᠵᠢᠯ ᠢ ᠭᠡᠯᠡᠵᠦ ᠥᠭᠭᠦᠨ᠎ᠡ᠃ ᠬᠤᠶᠠᠷ ᠭᠡᠷ | ᠤᠨ ᠰᠢᠷᠡᠭᠡᠨ ᠳᠤ ᠬᠤᠶᠠᠷ ᠠᠶᠠᠭ᠎ᠠ ᠤᠷᠤᠭᠤᠯᠤᠬᠰᠠᠨ ᠲᠠᠷᠤᠢ ᠳᠤ ᠭᠡᠷ ᠤᠨ ᠡᠵᠡᠨ ᠶᠡᠭᠡ ᠬᠤᠨᠳᠠᠭ᠎ᠠ ᠪᠠᠷ ᠬᠦᠮᠦᠨ | ᠪᠦᠷᠢ ᠳᠤ ᠪᠠᠶᠠᠷ ᠤᠨ ᠠᠷᠢᠬᠢ ᠪᠠᠷᠢᠮᠤᠢ᠃ | ︵3︶ ᠬᠦᠷᠭᠡᠨ ᠬᠤᠪᠴᠠᠯᠠᠬᠤ᠄ ᠬᠦᠷᠭᠡᠨ ᠬᠤᠪᠴᠠᠯᠠᠬᠤ ᠴᠠᠭ ᠲᠤ ᠲᠤᠰᠤᠳᠠᠢ ᠮᠤᠩᠭᠤᠯ ᠠᠮᠤ ᠶᠢ ᠪᠡᠷᠭᠡᠳ ᠨᠢ | ᠭᠤᠷᠪᠠᠨ ᠤᠳᠠᠭ᠎ᠠ ᠰᠢᠨ᠎ᠡ ᠬᠦᠷᠭᠡᠨ ᠳᠤ ᠡᠮᠬᠦᠬᠦᠯᠭᠡᠳ ᠰᠠᠶ᠋ᠢ ᠬᠤᠪᠴᠠᠯᠠᠮᠤᠢ᠃ ᠬᠤᠪᠴᠠᠯᠠᠵᠦ ᠪᠠᠷᠠᠬᠰᠠᠨ ᠲᠠᠷᠤᠢ | ᠲᠠᠮᠠᠭᠠᠨ ᠬᠤᠲᠠ ᠡᠬᠡᠨᠡᠷ ᠤᠨ ᠰᠢᠷᠡᠭᠡᠨ ᠳᠤ ᠬᠡᠯᠡᠬᠦ ᠪᠡᠯᠩ ︵ᠪᠡᠯᠭᠡ︶ ᠪᠤᠢ᠂ ᠪᠠᠷᠠᠭᠤᠨ ᠭᠡᠷ ᠲᠤ ᠲᠥᠷᠥᠬᠦᠦ | ᠬᠤᠲᠠ ᠨᠠᠷ ᠲᠤ ᠪᠠᠰᠠ ᠨᠢᠭᠡᠨ ᠪᠥᠯᠥᠭ ︵ ᠨᠢᠭᠡᠨ ᠦᠶ᠎ᠡ︶ ᠬᠤᠪᠴᠠᠯᠠᠬᠰᠠᠨ ᠢ ᠮᠡᠬᠳᠡᠨ ᠪᠡᠯᠭᠡᠯᠡᠳᠡᠭ ᠶᠤᠮ᠃ | ᠡᠨᠡ ᠦᠶ᠎ᠡ ᠬᠦᠷᠭᠡᠨ ᠨᠢ ᠭᠠᠯ ᠲᠠᠬᠢᠬᠤ᠂ ᠤᠷᠤᠭ ᠰᠠᠳᠤᠨ ᠳᠤ ᠤᠴᠠᠷᠠᠬᠤ᠂ ᠨᠠᠷᠠ ᠵᠢᠯ ᠭᠤᠶᠤᠬᠤ᠂ ᠬᠦᠷᠭᠡᠨ | ᠬᠤᠪᠴᠠᠯᠠᠬᠤ ᠵᠡᠷᠭᠡ ᠶᠢᠨ ᠰᠠᠭᠤᠳᠠᠯ ᠳᠤ ᠵᠡᠭᠦᠨ ᠭᠡᠷ ᠤᠨ ᠬᠤᠲᠠ ᠨᠡᠷ ᠢ ᠬᠦᠨᠳᠦᠯᠡᠬᠦ ᠪᠠᠷ ᠬᠤᠤᠰ ᠢᠶᠠᠷ ᠭᠦᠮᠦᠨ | ᠤᠷᠤᠵᠦ ᠢᠷᠡᠨ ᠠᠷᠢᠬᠢ ᠪᠠᠷᠢᠵᠦ ᠬᠤᠷᠤᠭᠤ ᠪᠠᠷ ᠵᠢᠮᠡᠯᠴᠡᠨ ᠨᠠᠭᠠᠳᠤᠯᠴᠠᠵᠦ ︵ᠨᠠᠭᠠᠳᠴᠦ︶ ᠠᠷᠢᠬᠢ ᠤᠤᠭᠤᠯᠴᠠᠬᠤ | ᠪᠤᠢ᠃ ᠬᠥᠷᠭᠡᠨ᠂ ᠲᠠᠮᠠᠭᠠᠨ ᠬᠤᠲᠠ᠂ ᠲᠡᠷᠭᠡᠨ ᠬᠤᠲᠠ ᠡᠷᠬᠢᠵᠦ ᠢᠷᠡᠨ ᠪᠤᠳᠠᠭ᠎ᠠ ᠢᠳᠡᠵᠦ ᠪᠠᠷᠠᠬᠤ ᠠᠴᠠ ᠤᠷᠢᠳ | ᠮᠠᠷᠭᠠᠳᠠ ︵ ᠮᠠᠷᠭᠠᠰᠢ︶ ᠥᠬᠢᠨ ᠬᠦᠷᠭᠡᠭᠦ ᠬᠤᠲᠠ ᠨᠢ ᠵᠠᠯᠠᠬᠤ ᠪᠠᠷ ᠪᠡᠯᠭᠡᠯᠡᠨ᠎ᠡ᠃ ᠲᠠᠮᠠᠭᠠᠨ ᠬᠤᠲᠠ᠂ ᠰᠢᠷᠡᠭᠡᠨ | ᠲᠡᠭᠡᠷ᠎ᠡ ᠠᠪᠴᠢᠷᠠᠬᠰᠠᠨ ᠲᠠᠮᠠᠭ᠎ᠠ ᠪᠢᠴᠢᠭ ᠢᠶᠠᠨ ᠤᠩᠰᠢᠵᠦ ᠥᠭᠭᠦᠨ᠎ᠡ᠃ |