8᠂ ᠪᠤᠭᠤᠯᠠᠭ᠎ᠠ ᠬᠥᠳᠡᠯᠭᠡᠭᠦ᠃ | ᠲᠠᠷᠠᠭ᠎ᠠ ᠦᠷᠯᠦᠭᠡ ᠶᠢᠨ ᠡᠷᠳᠡ ᠴᠠᠭ ᠬᠦᠭᠡ ᠵᠢᠷᠤᠭ᠎ᠠ ᠲᠡᠷᠭᠡ ᠶᠢᠨ ᠪᠤᠭᠤᠯᠠᠭ᠎ᠠ ︵ ᠭᠤᠪᠴᠢᠭᠤᠷ︶ ᠶᠢ | ᠬᠦᠳᠡᠯᠭᠡᠭᠦ ᠳᠤ ᠠᠷᠢᠬᠢ ᠲᠤᠰᠤᠭᠠᠨ ᠪᠡᠯᠩ ︵ᠪᠡᠯᠭᠡ︶ ᠬᠡᠯᠡᠭᠡᠳ᠂ ᠪᠡᠷᠢ ᠶᠢᠨ ᠵᠢᠷᠤᠭ᠎ᠠ ᠲᠡᠷᠭᠡᠨ ᠳᠤ ᠢᠪᠡᠭᠡᠯ | ᠬᠥᠮᠦᠨ ᠲᠡᠪᠡᠷᠢᠨ ᠠᠪᠠᠴᠢᠵᠦ ᠰᠠᠭᠤᠯᠭᠠᠭᠠᠳ᠂ ᠥᠬᠢᠨ ᠬᠤᠳᠠᠭᠠᠢ ᠪᠤᠯᠤᠨ ᠪᠡᠷᠢ ᠶᠢ ᠲᠠᠭᠠᠵᠦ ᠰᠠᠭᠤᠬᠤ ᠡᠮᠡᠰ ᠲᠠᠢ | ᠬᠠᠮᠲᠤ ᠨᠢᠭᠡᠨ ᠲᠡᠷᠭᠡᠨ ᠳᠤ ᠰᠠᠭᠤᠯᠭᠠᠨ ᠶᠠᠪᠤᠭᠠᠳ᠂ ᠵᠠᠮ ᠤᠨ ᠲᠤᠮᠳᠠ ᠬᠦᠷᠴᠦ ᠭᠦᠷᠭᠡᠨ᠂ ᠪᠡᠷᠢ ᠶᠢ ᠲᠡᠷᠭᠡᠨ | ᠠᠴᠠ ᠪᠠᠭᠤᠯᠭᠠᠨ ᠲᠡᠭᠷᠢ ᠳᠤ ᠮᠥᠷᠬᠦᠬᠦᠯᠦᠨᠡ᠃ ᠲᠡᠭᠷᠢ ᠳᠤ ᠮᠦᠷᠭᠦᠭᠦᠯᠬᠦ ᠪᠡᠯᠩ ︵ᠪᠡᠯᠭᠡ︶ ᠢ ᠨᠢᠭᠡᠨ ᠮᠦᠷ | ᠤᠩᠰᠢᠨ᠎ᠡ᠃ ᠡᠨᠡ ᠦᠶ᠎ᠡ ᠮᠦᠷᠭᠦᠭᠦᠯᠬᠦ ᠡᠴᠢᠭᠡ ᠨᠢ ᠵᠠᠮ ᠲᠡᠭᠡᠷ᠎ᠡ ᠢᠷᠡᠵᠦ ᠬᠦᠯᠢᠶᠡᠵᠦ ᠪᠠᠶᠢᠬᠤ ᠲᠤᠯᠠ᠂ ᠥᠬᠢᠨ ᠤ | ᠭᠡᠵᠢᠭᠡ ᠶᠢ ᠬᠠᠭᠠᠯᠬᠤ ᠰᠠᠮ᠂ ᠱᠥᠬᠦᠷ᠂ ᠬᠥᠷᠥᠮᠯᠡᠬᠦ ︵ ᠬᠦᠷᠦᠬᠦ︶ ᠭᠡᠵᠢᠭᠡ ᠶᠢᠨ ᠤᠯᠠᠭᠠᠨ ᠤᠭᠤᠰᠤᠷ ᠢ | ᠥᠭᠴᠦ ᠤᠶᠠᠮᠤᠢ᠃ ᠲᠡᠷᠡ ᠦᠶ᠎ᠡ ᠭᠡᠵᠢᠭᠡ ᠶᠢ ᠬᠠᠭᠠᠯᠵᠦ ᠰᠠᠮᠨᠠᠬᠤ ᠳᠤ« ᠵᠦᠪ ᠤᠤ︖ ᠪᠤᠷᠤᠭᠤ ᠤᠤ︖» | ᠭᠡᠮᠡᠨ ᠰᠠᠮᠨᠠᠬᠤ ᠬᠦᠮᠦᠨ ᠠᠰᠠᠭᠤᠬᠤ ᠳᠤ᠂ ᠮᠦᠷᠭᠦᠭᠦᠯᠬᠦ ᠡᠴᠢᠭᠡ ᠨᠢ « ᠵᠦᠪ ᠂ ᠪᠤᠷᠤᠭᠤ » ᠭᠡᠵᠦ | ᠭᠤᠷᠪᠠᠨᠲᠠ ᠬᠠᠷᠢᠭᠤᠯᠲᠠᠭ᠃ ᠬᠦᠷᠭᠡᠨ ᠤ ᠭᠡᠷ ᠲᠤ ᠬᠦᠷᠴᠦ ᠢᠷᠡᠬᠦ ᠳᠤ ᠪᠠᠰᠠ ᠭᠠᠯ ᠲᠠᠬᠢᠬᠤ ᠭᠡᠵᠦ ᠭᠤᠤᠯ ᠭᠡᠷ | ᠤᠨ ᠦᠷᠤᠭᠡᠨ ᠳᠤ ᠭᠠᠯ ᠲᠦᠯᠡᠵᠦ᠂ ᠬᠦᠷᠭᠡᠨ᠂ ᠪᠡᠷᠢ ᠬᠤᠶᠠᠭᠤᠯᠠ ᠶᠢ ᠵᠡᠷᠭᠡᠴᠡᠭᠦᠯᠦᠨ ᠰᠥᠭᠦᠳᠭᠡᠵᠦ᠂ ᠭᠠᠯ ᠤᠨ | ᠪᠤᠳᠠᠭ᠎ᠠ ᠶᠢ ᠮᠦᠷᠭᠦᠭᠦᠯᠬᠦ ᠡᠴᠢᠭᠡ ᠨᠢ ᠬᠥᠷᠭᠡᠨ᠂ ᠪᠡᠷᠢ ᠶᠢᠨ ᠲᠤᠰᠴᠦ ᠪᠠᠶᠢᠬᠤ ᠪᠥᠰ ᠲᠥᠷ ᠲᠡᠯᠪᠢᠵᠦ ᠭᠠᠯ ᠳᠤᠷ | ᠬᠠᠶᠠᠯᠭᠠᠨ ᠲᠥᠯᠡᠨᠡ᠃ ᠲᠠᠮᠠᠭᠠᠨ ᠬᠤᠲᠠ᠂ ᠠᠮᠳᠠᠷ ︵ᠠᠮᠠᠳᠡᠷ︶ ᠤᠨ ᠴᠠᠭᠠᠨ ᠪᠦᠰ ᠤᠨ ᠲᠡᠭᠡᠷ᠎ᠡ ᠲᠡᠯᠪᠢᠬᠰᠠᠨ | ᠭᠠᠯ ᠤᠨ ᠮᠠᠬᠳᠠᠭᠠᠯ ᠢ ᠲᠠᠭᠤᠲᠠᠵᠦ ᠦᠭᠭᠦᠮᠦᠢ᠃ |