9᠂ ᠪᠡᠷᠢ ᠶᠢ ᠵᠠᠰᠠᠬᠤ᠃ | ᠪᠡᠷᠢ ᠶᠢ ᠲᠠᠭᠠᠵᠦ ᠰᠠᠭᠤᠬᠰᠠᠨ ᠡᠮᠡᠰ ᠥᠷᠯᠥᠭᠡ ᠡᠷᠳᠡ ᠪᠡᠷᠢ ᠶᠢᠨ ᠭᠡᠵᠢᠭᠡ ᠶᠢ ᠵᠠᠰᠠᠨ ᠬᠥᠷᠥᠮᠯᠡᠵᠦ᠂ | ᠮᠤᠩᠭᠤᠯ ᠶᠤᠰᠤᠨ ᠤ ᠮᠥᠩᠬᠦᠨ ᠹᠠᠯᠠᠩ ᠰᠠᠭᠤᠯᠭᠠᠬᠰᠠᠨ ᠮᠠᠨᠳᠠᠷᠠᠸ᠎ᠠ ᠴᠡᠴᠡᠭᠳᠦ ᠬᠤᠸᠠᠷ ᠬᠠᠳᠠᠬᠰᠠᠨ ᠰᠠᠷᠠᠪᠴᠢ ᠶᠢ | ᠵᠡᠭᠦᠯᠭᠡᠭᠡᠳ᠂ ᠲᠡᠭᠡᠷ᠎ᠡ ᠨᠢ ᠮᠥᠩᠬᠦ ᠭᠠᠤᠯᠢ ᠶᠢᠨ ᠯᠤᠤ ᠭᠠᠷᠤᠳᠢ ᠬᠠᠳᠬᠤᠭᠤᠷ ᠰᠤᠪᠤᠳ ᠤᠭ᠍ᠶᠦ ᠱᠢᠷᠤ ᠶᠢᠨ | ᠤᠨᠵᠢᠯᠭᠠᠲᠤ ᠡᠰᠢ᠂ ᠭᠭᠢᠪ ᠲᠤᠷᠭ᠎ᠠ ᠶᠢᠨ ᠶᠡᠭᠡ ᠤᠯᠠᠭᠠᠨ ᠬᠤᠸᠡᠷ ᠤᠳ ᠢ ᠰᠠᠷᠠᠪᠴᠢ ᠳᠤ ᠬᠠᠳᠬᠤᠵᠦ ᠭᠡᠵᠢᠭᠡ ᠶᠢ | ᠲᠡᠷᠤᠵᠦ ᠲᠤᠷᠭᠤᠭᠠᠭᠠᠳ ᠴᠢᠬᠢᠨ ᠳᠤ ᠮᠥᠩᠭᠦᠨ ᠡᠭᠡᠮᠦᠭ᠂ ᠵᠢᠷᠭᠤᠭᠠᠨ ᠱᠢᠷᠦ ᠲᠠᠢ ᠰᠤᠶᠢᠭᠡ ᠵᠡᠭᠦᠯᠭᠡᠨ᠎ᠡ᠃ | ᠭᠠᠷ ᠤᠨ ᠬᠤᠷᠤᠭᠠᠨ ᠳᠤ ᠠᠯᠲᠠᠨ ᠪᠥᠯᠡᠵᠡᠭ ᠢ ᠭᠡᠳᠤᠨ ᠬᠤᠤᠰ ᠵᠡᠭᠦᠯᠭᠡᠵᠦ᠂ ᠬᠤᠶᠠᠷ ᠭᠠᠷ ᠲᠤ ᠲᠥᠷᠪᠡᠨ ᠯᠡᠩ | ᠤᠨ ᠮᠥᠩᠬᠦᠨ ᠪᠠᠭᠤᠪᠴᠢ ᠵᠡᠭᠦᠯᠭᠡᠭᠡᠳ᠂ ᠪᠡᠶ᠎ᠡ ᠳᠤᠷ ᠴᠠᠭᠠᠨ ᠴᠠᠮᠴᠠ᠂ ᠴᠠᠶᠢᠪᠤᠷ ᠤᠯᠠᠭᠠᠨ ᠲᠤᠷᠭᠠᠨ ᠲᠡᠪᠡᠯ ᠪᠤᠶᠤ | ᠬᠦᠢᠯᠡᠰᠤᠨ ᠬᠤᠸᠡᠷᠳᠡᠢ ᠲᠤᠷᠭᠠᠨ ᠬᠦᠪᠡᠭᠡᠳᠡᠢ ᠲᠡᠪᠡᠯ ᠢ ᠡᠮᠤᠰᠭᠡᠵᠦ᠂ ᠲᠡᠭᠡᠷ᠎ᠡ ᠨᠢ ᠬᠠᠷᠠᠪᠳᠤᠷ᠂ ᠪᠤᠷᠤᠪᠳᠤᠷ | ᠬᠤᠸᠠᠷᠳᠡᠢ ᠨᠤᠭᠤᠪᠳᠤᠷᠬᠠᠨ ᠬᠦᠪᠡᠭᠡᠳᠡᠢ ᠤᠤᠵᠢᠮᠠᠭ ᠡᠮᠤᠰᠭᠡᠭᠡᠳ᠂ ᠬᠦᠵᠦᠬᠦᠨ ᠢ ᠤᠯᠠᠪᠤᠷ ᠪᠤᠷᠤ ᠭᠭᠢᠪ ᠢᠶᠠᠷ | ᠤᠷᠢᠶᠠᠨ᠎ᠠ᠃ ᠬᠦᠯ ᠳᠤ ᠨᠠᠷᠢᠨ ᠴᠠᠭᠠᠨ ᠪᠦᠰ ᠤᠶᠢᠮᠤᠰᠤ᠂ ᠤᠯᠠᠭᠠᠨ ᠲᠤᠷᠭᠠᠨ ᠭᠠᠳᠠᠷ ᠲᠡᠭᠡᠷ᠎ᠡ ᠯᠢᠩᠬᠸ᠎ᠠ | ᠤᠳᠪᠠᠯᠠ ᠬᠤᠸᠠᠷᠳᠡᠢ ᠮᠤᠳᠤᠨ ᠤᠯᠠ ᠲᠠᠢ ᠱᠠᠬᠠᠢ ᠶᠢ ᠲᠦᠷᠦᠭᠦᠯᠦᠨ᠎ᠡ᠃ ᠪᠡᠷᠢ ᠶᠢᠨ ᠪᠡᠶ᠎ᠡ ᠶᠢ ᠵᠠᠰᠠᠵᠦ | ᠴᠢᠮᠡᠭᠯᠡᠭᠰᠡᠨ ᠲᠠᠷᠤᠢ ᠪᠤᠷᠬᠠᠨ ᠳᠠᠭᠠᠨ ᠰᠥᠬᠦᠳᠭᠡᠵᠦ ᠭᠤᠷᠪᠠᠨᠲᠠ ᠪᠥᠬᠦᠶᠢᠯᠭᠡᠭᠡᠳ᠂ ᠬᠦᠷᠭᠡᠨ᠂ ᠪᠡᠷᠢ ᠶᠢ ᠭᠠᠳᠠᠨ᠎ᠠ | ᠠᠪᠠᠴᠢᠵᠦ ᠲᠡᠭᠡᠳᠤᠰ ᠤᠨ ᠭᠡᠭᠦᠷ ᠤᠨ ᠵᠥᠭ ᠲᠤᠷ ᠮᠦᠷᠬᠦᠬᠦᠯᠦᠭᠡᠳ᠂ ᠬᠠᠳᠠᠮ ᠡᠭᠡ ᠨᠢ ᠪᠡᠷᠢ ᠶᠢᠨ ᠭᠠᠷ ᠲᠤ | ᠬᠠᠮᠠᠷ ᠲᠡᠮᠡᠬᠢ ᠶᠢᠨ ᠬᠤᠪᠢᠩ ᠢ ᠪᠠᠷᠢᠭᠤᠯᠤᠨ ᠡᠪᠦᠭᠡ ᠡᠮᠡᠭᠡ ᠳᠡᠭᠡᠨ ᠬᠤᠤᠰ ᠬᠦᠯ ᠢᠶᠠᠷ ᠰᠥᠬᠦᠳᠴᠥ ᠪᠠᠷᠭᠠᠳ | ᠭᠠᠷ ᠢᠶᠠᠨ ᠰᠠᠷᠪᠠᠶᠢᠨ ᠪᠠᠷᠠᠭᠤᠨ ᠴᠢᠬᠢ ᠶᠢ ᠢᠪᠡᠬᠦᠯᠦᠨ ︵ᠰᠢᠬᠠᠭᠤᠯᠤᠨ︶ ᠭᠤᠷᠪᠠᠨᠲᠠ ᠲᠤᠬᠢᠬᠤ ᠶᠤᠰᠤ ᠶᠢ | ᠬᠢᠯᠭᠡᠭᠡᠳ᠂ ᠲᠥᠷᠥᠯ ᠰᠠᠳᠤᠨ ᠤ ᠠᠬ᠎ᠠ ᠨᠠᠷ ᠲᠤ ᠤᠴᠠᠷᠠᠭᠤᠯᠬᠤ ᠳᠤ ᠬᠤᠪᠢᠩ ᠢᠶᠠᠨ ᠪᠠᠷᠢᠭᠠᠳ ᠪᠠᠷᠭᠠᠣᠨ ᠬᠥᠯ ᠢ | ᠨᠤᠭᠤᠯᠤᠨ ᠵᠡᠭᠦᠨ ᠬᠦᠯ ᠤᠨ ᠡᠪᠥᠳᠥᠭ ᠲᠡᠭᠡᠷ᠎ᠡ ᠬᠤᠶᠠᠷ ᠭᠠᠷ ᠢᠶᠠᠨ ᠰᠤᠯᠪᠢᠴᠠᠭᠤᠯᠤᠨ ᠲᠠᠷᠤᠵᠦ ᠠᠮᠤᠷ ᠠᠰᠠᠭᠤᠨ᠎ᠠ | ᠃ ᠲᠠᠯ᠎ᠠ ᠶᠢᠨ ᠵᠤᠴᠢᠳ ᠢ ᠲᠡᠶᠢᠯᠡᠵᠦ ᠪᠠᠶᠢᠳᠠᠯ᠎ᠠ᠂ ᠥᠬᠢᠨ ᠬᠦᠷᠭᠡᠭᠦ ᠬᠦᠰᠭᠡ ᠲᠡᠷᠭᠡ᠂ ᠮᠤᠷᠢᠳᠡᠨ ᠨᠡᠷ ᠬᠦᠷᠴᠦ | ᠢᠷᠡᠳᠡᠭ᠃ |