ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
10᠂ ᠥᠬᠢᠨ ᠢᠶᠠᠨ ᠬᠦᠷᠭᠡᠵᠦ ᠢᠷᠡᠬᠦ ᠶᠢᠨ ᠤᠬᠳᠤᠯᠭ᠎ᠠ ︵ ᠬᠠᠷᠠᠴᠢᠨ ᠠᠮᠨ ᠠᠶᠠᠯᠭᠤᠨ ᠳᠤ ᠤᠬᠳᠤᠯᠭ᠎ᠠ ᠨᠢ ᠢᠩᠬᠢᠵᠦ ᠶᠠᠷᠢᠳᠠᠭ᠂ ᠤᠬᠳᠤᠵᠦ ᠠᠪᠬᠤ ᠪᠤᠶᠤ ᠲᠠᠶᠢᠯᠠᠯᠭ᠎ᠠ ᠬᠢᠬᠦ ᠰᠠᠨᠠᠭ᠎ᠠ ᠲᠠᠢ︶᠃      ᠲᠠᠮᠠᠭᠠᠨ ᠬᠤᠲᠠ ᠭᠠᠷᠴᠦ ᠡᠭᠦᠳᠡᠨ ᠳᠤᠷ ᠦᠨᠳᠤᠷ ᠰᠢᠷᠡᠭᠡ ᠲᠠᠯᠪᠢᠵᠦ ᠬᠦᠨᠳᠡᠯᠢᠰᠤᠨ ᠬᠤᠷᠢᠵᠦ ᠵᠤᠬᠰᠣᠭᠠᠳ ᠢᠷᠡᠭᠰᠡᠨ ᠬᠤᠷᠤᠭᠠᠨ ᠳ᠋ᠠ ᠬᠤᠲᠠ [ 14] ᠲᠠᠢ ᠪᠡᠯᠩ ︵ᠪᠡᠯᠭᠡ︶ ᠭᠡᠯᠡᠯᠴᠡᠵᠦ ᠠᠰᠠᠭᠤᠯᠲᠠ ᠭᠤᠷᠪᠡ ᠂ ᠬᠠᠷᠢᠭᠤᠯᠲᠠ ᠭᠤᠷᠪᠠ ᠭᠡᠯᠡᠨ᠎ᠡ᠃ ᠲᠡᠭᠡᠭᠡᠳ ᠬᠦᠷᠢᠶᠡᠨ ᠳᠤ ᠵᠠᠯᠠᠵᠦ ᠤᠷᠤᠭᠤᠯᠤᠭᠠᠳ ᠬᠦᠷᠢᠶᠡᠨ ᠲᠤᠮᠳᠠᠬᠢ ᠤᠬᠳᠠᠯᠭ᠎ᠠ ︵ᠤᠬᠳᠤᠯᠭ᠎ᠠ︶ ᠪᠡᠯᠩ ︵ᠪᠡᠯᠭᠡ︶ ᠠᠰᠠᠭᠤᠯᠲᠠ ᠬᠤᠶᠠᠷ ᠬᠠᠷᠢᠭᠤᠯᠲᠠ ᠬᠤᠶᠠᠷ ᠢ ᠭᠡᠯᠡᠵᠦ ᠪᠠᠷᠠᠬᠰᠠᠨ ᠲᠡᠷᠤᠢ᠂ ᠬᠤᠲᠠ ᠬᠤᠳᠠᠭᠠᠢ ᠨᠡᠷ ᠢ ᠵᠡᠭᠦᠨ ᠪᠠᠷᠠᠭᠤᠨ ᠭᠡᠷ ᠲᠤ ᠵᠠᠯᠠᠭᠠᠳ ᠰᠠᠭᠤᠲᠠᠯ ᠠᠪᠤᠬᠰᠠᠨ ᠲᠡᠷᠤᠢ ᠰᠢᠷᠡᠭᠡ ᠪᠦᠬᠦᠨ ᠳᠤ ᠨᠡᠢᠮᠠᠨ ᠫᠢᠯᠠ ᠨᠠᠷᠢᠨ ᠰᠢᠬᠢᠷ ᠪᠤᠭᠤᠷᠰᠤᠭ᠂ ᠵᠢᠮᠢᠰ ᠢ ᠲᠡᠯᠪᠢᠭᠠᠳ᠂ ᠴᠠᠢ ᠤᠤᠭᠤᠯᠭᠠᠨ᠎ᠠ᠃ ᠪᠤᠳᠠᠭᠠᠨ  ᠤ ᠲᠠᠷᠤᠯᠭ᠎ᠠ ᠶᠢᠨ ᠪᠡᠯᠩ ︵ᠪᠡᠯᠭᠡ︶ ᠢ ᠨᠢᠭᠡ᠂ ᠬᠠᠷᠢᠭᠤ ᠨᠢᠭᠡ ᠶᠢ ᠭᠡᠯᠡᠭᠡᠳ ᠲᠥᠷᠥᠬᠦᠦ ᠶᠢᠨ ᠰᠢᠷᠡᠭᠡᠨ ᠳᠤ ᠲᠠᠭᠤᠯᠠᠬᠤ ᠲᠠᠭᠤᠤ ᠪᠤᠯ« ᠲᠦᠷᠦ ᠶᠢᠨ ᠲᠠᠭᠤᠤ»᠂ «  ᠡᠵᠡᠨ ᠲᠦᠷᠦ ᠶᠢᠨ ᠲᠠᠭᠤᠤ »᠂ «  ᠬᠠᠷ᠎ᠠ ᠵᠤᠬᠳᠤᠷᠳᠤ ᠠᠷᠰᠯᠠᠨ»᠂ «  ᠪᠠᠷᠠᠭᠤᠨᠳᠠᠢ ᠪᠤᠯᠠᠭ ᠤᠨ ᠲᠠᠭᠤᠤ»᠂ «  ᠪᠠᠶᠠᠨ ᠴᠠᠭᠠᠨ ᠤ ᠲᠠᠭᠤᠤ »᠂ «  ᠲᠤᠯᠤᠨ ᠨᠠᠭᠤᠷ ᠤᠨ ᠲᠠᠭᠤᠤ »᠂ ᠬᠤᠷᠤᠭᠠᠨ ᠳ᠋ᠠ ᠬᠤᠲᠠ ᠵᠤᠶᠢᠯ ᠪᠦᠷᠢ ᠶᠢᠨ ᠲᠡᠯ᠎ᠡ ᠪᠡᠯᠡᠭ ᠢ  ᠦᠭᠴᠦ ᠭᠦᠢᠴᠡᠳᠭᠡᠨ᠎ᠡ᠃ ᠬᠤᠷᠢᠮ ᠳᠤ ᠤᠷᠤᠯᠴᠠᠬᠤ ᠵᠤᠴᠢᠳ ᠤᠨ ᠡᠷ᠎ᠡ ᠬᠦᠮᠦᠰ ᠴᠦᠮ ᠥᠩᠭᠡ ᠪᠦᠷᠢ ᠶᠢᠨ ᠬᠦᠪᠡᠭᠡᠳᠡᠢ ᠲᠠᠪᠡᠯ ᠡᠮᠤᠰᠴᠦ ᠪᠦᠰᠡ ᠪᠦᠰᠡᠯᠡᠨ᠎ᠡ᠃ ᠵᠤᠶᠢᠯ ᠪᠦᠷᠢ ᠶᠢᠨ ᠮᠠᠯᠠᠭ᠎ᠠ ᠨᠡᠭᠦᠵᠦ᠂ ᠬᠦᠯ ᠳᠡᠭᠡᠨ ᠴᠦᠮ ᠮᠠᠶᠢᠬᠠᠢ ᠲᠦᠷᠦᠳᠡᠭ᠃ ᠪᠡᠷᠢᠶᠡᠳ ᠪᠤᠯ ᠲᠤᠰᠪᠤᠷᠢ ᠰᠠᠨᠵᠢᠯᠭ᠎ᠠ ᠤᠨᠵᠢᠯᠭ᠎ᠠ ᠲᠠᠢ ᠬᠠᠳᠬᠤᠭᠤᠷ᠂ ᠤᠬᠴᠤᠭᠤᠷ ︵ ᠤᠬᠴᠤᠷ︶ ᠤᠯᠠᠭᠠᠨ ᠬᠤᠸᠡᠷ ᠢ ᠲᠤᠯᠤᠭᠠᠢ ᠶᠢᠨ ᠰᠠᠷᠠᠪᠴᠢ ᠶᠢᠨ ᠲᠡᠭᠡᠷ᠎ᠡ ᠡᠮᠤᠨ᠎ᠡ ᠬᠤᠶᠠᠷ ᠲᠠᠯ᠎ᠠ ᠪᠠᠷ ᠲᠦᠭᠦᠷᠳᠡᠯ᠎ᠡ ᠬᠠᠳᠬᠤᠵᠦ ᠵᠡᠬᠦᠬᠦ ᠪᠤᠢ᠃  ᠥᠩᠭᠡ ᠪᠦᠷᠢ ᠶᠢᠨ ᠲᠤᠷᠭᠠᠨ ᠲᠡᠪᠡᠯ ᠲᠡᠭᠡᠷ᠎ᠡ ᠬᠦᠪᠡᠭᠡᠳᠡᠢ ᠤᠤᠵᠢ ᠤᠤᠵᠢᠮᠠᠭ  ᠡᠮᠤᠰᠳᠡᠭ᠃ ᠡᠭᠡᠨᠡᠷ  ᠤᠳ ᠪᠤᠯ ᠮᠠᠨᠵᠦ ᠶᠢᠨ ᠡᠮᠡᠰ ᠢ ᠲᠠᠭᠤᠷᠢᠶᠠᠨ ᠬᠠᠷ᠎ᠠ ᠲᠤᠷᠭ᠎ᠠ ᠪᠠᠷ ᠭᠡᠵᠢᠭᠡ ᠬᠢᠵᠦ ᠵᠡᠬᠦᠬᠦ᠃ ᠵᠡᠷᠢᠮ ᠨᠢ ᠬᠦᠭᠡ ᠪᠦᠰ ᠸᠠᠳᠠᠩ ᠢᠶᠠᠷ ᠲᠤᠯᠤᠭᠠᠢ ᠪᠠᠨ ᠤᠷᠢᠶᠠᠵᠦ ᠪᠠᠰᠠ ᠤᠯᠠᠭᠠᠨ ᠤᠯᠠᠪᠳᠤᠷ ᠥᠩᠭᠡ ᠶᠢᠨ ᠭᠭᠢᠪ ᠲᠤᠷᠭᠠᠨ ᠶᠡᠭᠡ ᠬᠤᠸᠠᠷ ᠵᠡᠭᠦᠭᠦ ᠪᠤᠢ᠃ ᠬᠦᠷᠭᠡᠨ ᠤ ᠡᠳᠡᠭᠡᠳ ᠠᠴᠠ ᠡᠮᠡᠰ᠂ ᠪᠡᠷᠢᠶᠡᠳ ᠬᠤᠤᠰᠯᠠᠨ ᠲᠥᠷᠥᠬᠦᠦ ᠶᠢᠨ ᠰᠢᠷᠡᠭᠡᠨ ᠳᠤ ᠤᠷᠤᠵᠦ ᠬᠦᠮᠦᠨ ᠪᠦᠷᠢ ᠳᠤ ᠠᠷᠢᠬᠢ ᠪᠠᠷᠢᠵᠦ᠂ ᠲᠠᠭᠤᠤ ᠲᠠᠭᠤᠯᠠᠨ ᠭᠦᠨᠳᠤᠯᠠᠨ᠎ᠠ᠃ ᠬᠤᠶᠠᠷ ᠭᠡᠷ ᠤᠨ ᠰᠢᠷᠡᠭᠡᠨ ᠳᠤ ᠬᠤᠶᠠᠷ ᠠᠶᠠᠭ᠎ᠠ ᠨᠤᠭᠤᠭ᠎ᠠ ᠤᠷᠤᠬᠰᠠᠨ ᠲᠠᠷᠤᠢ᠂ ᠬᠦᠷᠭᠡᠨ ᠨᠢ ᠬᠦᠮᠦᠨ ᠪᠦᠷᠢ ᠳᠤ ᠶᠡᠭᠡ ᠬᠤᠨᠳᠠᠭ᠎ᠠ ᠪᠠᠷ ᠪᠠᠶᠠᠷ ᠤᠨ  ᠠᠷᠢᠬᠢ ᠪᠠᠷᠢᠳᠠᠭ᠃ ᠡᠷᠡᠰ ᠤᠳ ᠡᠷᠡᠰ ᠤᠨ  ᠰᠢᠷᠡᠭᠡᠨ ᠳᠤ ᠬᠤᠣᠰᠯᠠᠨ ᠤᠷᠤᠵᠦ ᠬᠦᠮᠦᠨ ᠪᠦᠷᠢ ᠳᠤ ᠠᠷᠢᠬᠢ ᠪᠡᠷᠢᠵᠦ ᠬᠤᠷᠤᠭᠤ ᠪᠠᠷ ᠵᠢᠮᠡᠯᠴᠡᠵᠦ ᠬᠦᠨᠳᠤᠯᠡᠨ᠎ᠡ᠃ ᠰᠤᠬᠳᠤᠳᠠᠯ᠎ᠠ ᠤᠤᠭᠤᠯᠴᠠᠭᠠᠳ ᠪᠤᠳᠠᠭ᠎ᠠ ᠢᠳᠡᠵᠦ ᠲᠡᠷᠬᠠᠬᠤ ᠶᠤᠮ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号