11᠂ ᠬᠤᠷᠢᠮ ᠤᠨ ᠵᠤᠴᠢᠳ ᠢ ᠲᠠᠶᠢᠯᠠᠬᠤ ᠃ | ᠬᠤᠲᠠ ᠬᠤᠲᠠᠭᠠᠢ ᠨᠡᠷ ᠤᠨ ᠲᠦᠷᠦᠭᠦᠦ ᠶᠢᠨ ᠰᠢᠷᠡᠭᠡᠨ ᠳᠤ ᠠᠷᠪᠠᠨ ᠬᠦᠮᠦᠨ ᠰᠠᠭᠤᠨ᠎ᠠ᠃ ᠪᠤᠰᠤᠳ | ᠬᠤᠤᠰ ᠰᠢᠷᠡᠭᠡ ᠪᠦᠷᠢ ᠠᠷᠪᠠᠨ ᠬᠤᠶᠠᠷ ᠭᠦᠮᠦᠰ ᠰᠠᠭᠤᠬᠤ ᠶᠤᠮ᠃ ᠰᠢᠷᠡᠭᠡ ᠪᠦᠷᠢ ᠳᠤ ᠥᠬᠢᠨ ᠤ | ᠡᠳᠡᠭᠡᠳ ᠲᠤ ᠠᠷᠪᠠᠨ ᠫᠢᠯᠠ᠂ ᠨᠠᠢᠮᠨᠨ ᠠᠶᠠᠭ᠎ᠠ ᠮᠢᠬ᠎ᠠ ᠨᠤᠭᠤᠭ᠎ᠠ ᠲᠠᠢ᠂ ᠠᠷᠢᠬᠢ ᠲᠠᠷᠠᠰᠤ ᠲᠠᠢ᠃ ᠬᠦᠷᠭᠡᠨ ᠤ | ᠡᠳᠡᠭᠡᠳ ᠲᠤ ᠥᠬᠢᠨ ᠬᠦᠷᠭᠡᠵᠦ ᠢᠷᠡᠭᠰᠡᠨ ᠬᠥᠮᠥᠰ ᠲᠥᠷᠥᠬᠦᠦ ᠶᠢᠨ ᠲᠥᠷᠪᠡᠨ ᠰᠢᠷᠡᠭᠡᠨ ᠳᠤ ᠬᠤᠷᠢᠨ ᠬᠦᠮᠦᠨ | ᠰᠠᠭᠤᠨ᠎ᠠ ᠂ ᠪᠤᠰᠤᠳ ᠰᠢᠷᠡᠭᠡᠨ ᠳᠤ ᠠᠷᠪᠠᠨ ᠬᠤᠶᠠᠷ ᠬᠦᠮᠦᠨ ᠰᠠᠭᠤᠨ᠎ᠠ᠃ ᠰᠢᠷᠡᠭᠡ ᠪᠦᠷᠢ ᠳᠤ ᠠᠷᠪᠠᠨ ᠬᠤᠶᠠᠷ | ᠫᠢᠯᠠ᠂ ᠠᠷᠪᠠᠨ ᠠᠶᠠᠭ᠎ᠠ ᠭᠠᠷᠭᠠᠵᠦ ᠵᠤᠴᠢᠯᠠᠨ᠎ᠠ᠃ ᠠᠷᠢᠬᠢ᠂ ᠲᠠᠷᠠᠰᠤ ᠤᠤᠭᠤᠬᠤ ᠳᠤ ᠬᠤᠤᠰᠯᠠᠨ ᠤᠷᠤᠵᠦ | ᠠᠷᠢᠬᠢ ᠪᠠᠷᠢᠵᠦ᠂ ᠬᠤᠷᠤᠭᠤ ᠵᠢᠮᠡᠯᠴᠡᠨ ᠬᠦᠨᠳᠦᠯᠡᠵᠦ ᠰᠤᠬᠳᠤᠳᠠᠯᠠ ᠤᠤᠭᠤᠯᠭᠠᠮᠤᠢ᠃ ᠬᠤᠨᠤᠭ ᠤᠨ ᠬᠤᠷᠢᠮ | ᠪᠤᠯᠪᠠᠯ᠂ ᠲᠡᠳ᠋ ᠥᠷᠯᠥᠭᠡ ᠴᠠᠢ ᠤᠤᠭᠤᠯᠭᠠᠨ ᠨᠠᠷᠢᠨ ᠪᠤᠤᠪᠦ᠂ ᠵᠢᠮᠢᠰ ᠵᠤᠭᠤᠬᠯᠠᠭᠤᠯᠵᠦ ᠠᠷᠢᠬᠢ ᠪᠡᠷᠢᠵᠦ ᠰᠢᠷ᠎ᠡ | ᠲᠡᠶᠢᠯᠬᠤ ᠪᠡᠯᠩ ︵ᠪᠡᠯᠭᠡ︶ ᠭᠡᠯᠡᠯᠴᠡᠵᠦ ᠪᠤᠳᠠᠭ᠎ᠠ ᠢᠳᠡᠭᠰᠡᠨ ᠲᠡᠷᠤᠢ᠂ ᠬᠦᠷᠭᠡᠨ ᠢ ᠢᠷᠤᠭᠡᠭᠦ ᠪᠡᠯᠩ ︵ᠪᠡᠯᠭᠡ︶ | ᠭᠡᠯᠡᠭᠡᠳ ᠬᠤᠷᠢᠮ ᠲᠠᠷᠬᠠᠮᠤᠢ᠃ ᠭᠤᠷᠪᠠᠳᠤᠭᠠᠷ ᠡᠳᠤᠷ ᠲᠤ ᠪᠡᠷᠢ ᠶᠢᠨ ᠲᠥᠷᠬᠦᠮ ᠠᠴᠠ ᠡᠴᠢᠭᠡ ᠡᠭᠡ ᠲᠥᠷᠥᠯ | ᠰᠠᠳᠤᠨ ᠠᠷᠪᠢᠨ ᠬᠥᠮᠥᠰ ᠪᠤᠭᠤᠷᠰᠤᠭ᠂ ᠭᠤᠯᠢᠷ ᠢ ᠤᠭᠤᠲᠠ ᠲᠠᠪᠠᠷᠭᠠ ᠳᠤ ᠬᠢᠵᠦ ᠥᠬᠢᠨ ᠢᠶᠠᠨ ᠡᠷᠬᠢᠬᠦ ᠪᠠᠷ | ᠢᠷᠡᠨ᠎ᠡ᠃ ᠭᠤᠷᠪᠠᠳᠤᠭᠠᠷ ᠡᠳᠤᠷ ᠲᠤ ᠥᠬᠢᠨ ᠨᠢ ᠬᠦᠷᠭᠡᠨ ᠲᠠᠢ ᠪᠠᠨ ᠲᠥᠷᠬᠦᠮ ᠳᠡᠭᠡᠨ ᠬᠠᠷᠢᠨᠡ᠃ |