ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
12᠂ ᠥᠬᠢᠨ ᠢᠶᠠᠨ ᠵᠢᠭᠡᠯᠡᠬᠦ᠃         ᠥᠬᠢᠨ ᠢᠶᠠᠨ ᠬᠦᠷᠭᠡᠨ ᠳᠤ ᠥᠭᠭᠦᠭᠰᠡᠨ ᠤ ᠭᠤᠷᠪᠠᠳᠤᠭᠠᠷ ᠡᠳᠤᠷ ᠲᠤ ᠵᠢᠭᠡᠯᠡᠬᠦ ᠶᠢ ᠨᠢᠭᠡ ᠡᠳᠤᠷ ᠤᠨ ᠵᠢᠭᠡᠯᠡᠭᠡ ᠬᠡᠨ᠎ᠡ᠃ ᠬᠠᠪᠤᠷ᠂ ᠵᠤᠨ᠂ ᠨᠠᠮᠤᠷ᠂ ᠡᠪᠤᠯ ᠵᠢᠭᠡᠯᠡᠬᠦ ᠶᠢ ᠲᠦᠷᠪᠡᠨ ᠴᠠᠭ ᠤᠨ ᠵᠢᠭᠡᠯᠡᠭᠡ ᠳᠤ ᠬᠤᠪᠴᠠᠰᠤ ᠬᠤᠨᠠᠷ ᠬᠢᠵᠦ ᠥᠭᠭᠦ᠂ ᠵᠠᠰᠠᠵᠦ ᠨᠦᠬᠦᠵᠦ ᠥᠭᠭᠦᠨ᠎ᠡ᠃ ᠨᠢᠭᠡ ᠤᠳᠠᠭ᠎ᠠ ᠵᠢᠭᠡᠯᠡᠬᠦ ᠳᠤ ᠬᠠᠳᠠᠮ ᠡᠭᠡ  ᠠᠴᠠ ᠠᠰᠠᠭᠤᠵᠦ ᠠᠷᠪᠠ᠂ ᠬᠤᠷᠢ᠂  ᠭᠤᠴᠢᠨ ᠡᠳᠤᠷ ᠵᠢᠭᠡᠯᠡᠬᠦ ᠬᠤᠭᠤᠴᠠᠭ᠎ᠠ ᠲᠤᠬᠳᠠᠭᠠᠨ᠎ᠠ᠃ ᠲᠠᠪᠤᠨ ᠡᠳᠤᠷ  ᠠᠴᠠ ᠲᠤᠷᠤᠬᠰᠢ ᠵᠢᠭᠡᠯᠡᠬᠦ ᠳᠤ ᠬᠠᠳᠠᠮ ᠠᠴᠠ ᠤᠶᠢᠯᠡ ᠤᠶᠤᠳᠠᠯ ᠦᠭᠭᠦ ᠦᠬᠡᠢ᠃ ᠠᠷᠪᠠ᠂ ᠬᠤᠷᠢ᠂ ᠭᠤᠴᠢᠨ ᠡᠳᠤᠷ ᠤᠨ  ᠵᠢᠭᠡᠯᠡᠭᠡ ᠳᠤ ᠤᠶᠤᠳᠠᠯ ᠥᠭᠭᠦᠨ᠎ᠡ᠃ ᠬᠦᠷᠭᠡᠵᠦ ᠢᠷᠡᠬᠦ ᠳᠤ ᠲᠠᠯ᠎ᠠ ᠪᠡᠯᠡᠭ ᠲᠠᠢ ᠢᠷᠡᠨ᠎ᠡ᠃ ᠶᠠᠪᠤᠬᠤ ᠪᠤᠶᠤ ᠬᠠᠷᠢᠵᠦ ᠢᠷᠡᠬᠦ ᠳᠤ ᠴᠦᠮ ᠬᠠᠳᠠᠮ ᠡᠭᠡ᠂ ᠡᠴᠢᠭᠡ᠂ ᠠᠬ᠎ᠠ ᠵᠠᠬ᠎ᠠ ᠳᠤ ᠠᠮᠤᠷ ᠡᠷᠢᠮᠦᠢ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号