ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
14᠂ ᠥᠬᠢᠨ ᠨᠢ ᠬᠡᠤᠭᠡᠳ ᠲᠠᠢ ᠪᠤᠯᠬᠤ᠃      ᠥᠬᠢᠨ ᠨᠢ ᠬᠡᠤᠭᠡᠳ ᠲᠠᠢ ᠪᠤᠯᠪᠠᠯ ᠮᠠᠨ ᠤ ᠠᠳᠡᠬᠢ ᠮᠤᠩᠭᠤᠯᠴᠤᠳ ᠬᠡᠤᠭᠡᠳ ᠢ ᠨᠢ ᠠᠳᠡᠬᠢ ᠮᠤᠩᠭᠤᠯᠴᠤᠳ ᠬᠡᠤᠭᠡᠳ ᠢ ᠨᠢ ᠠᠩᠭᠠᠢ ᠪᠤᠶᠤ  ᠪᠦᠢ ︵ ᠪᠦᠶ᠋ᠢ︶ ᠭᠡᠳᠡᠭ᠃ ᠪᠦᠢ ︵ ᠪᠦᠶ᠋ᠢ︶   ᠶᠢ ᠲᠦᠷᠦᠭᠰᠡᠨ ᠲᠠᠷᠢᠬᠦᠨ ᠨᠢᠭᠡ ᠳᠤ ︵ ᠨᠢᠭᠡᠨ ᠳᠤ︶ ᠥᠬᠢᠨ ᠤ ᠡᠭᠡ ᠠᠴᠠ ᠪᠢᠴᠢᠬᠠᠨ ᠪᠦᠢ ︵ ᠪᠦᠶ᠋ᠢ︶   ᠳᠤ ᠥᠯᠥᠭᠡᠢ ᠬᠢᠵᠦ ᠠᠪᠠᠴᠢᠵᠦ ᠥᠭᠭᠦᠨ᠎ᠡ᠃  ᠡᠷᠲᠡ ᠴᠢᠩᠬᠢᠰ ᠬᠠᠭᠠᠨ ᠰᠠᠶ᠋ᠢ ᠲᠥᠷᠥᠬᠦ ᠳᠤ ᠤᠷᠢᠶᠠᠩᠬᠠᠨ ᠵᠠᠷᠴᠤᠳᠠᠢ ︵ ᠵᠠᠷᠴᠢᠭᠤᠲᠠᠢ︶ ᠡᠪᠤᠭᠡᠨ ᠥᠯᠥᠭᠡᠢ ᠬᠦᠷᠭᠡᠵᠦ ᠥᠭᠭᠦᠭᠰᠡᠨ ᠠᠴᠠ ᠬᠤᠶᠢᠰᠢ ᠮᠣᠩᠭᠤᠯ ᠬᠦᠮᠦᠨ ᠤ ᠬᠡᠤᠭᠡᠰ ᠢ ᠴᠥᠮ ᠥᠯᠥᠬᠡᠶᠢᠳᠡᠵᠦ᠂ ᠬᠡᠤᠭᠡᠰ ᠤᠨ ᠬᠠᠯᠠᠭᠤᠨ ᠬᠦᠢᠳᠡᠨ ᠢ ᠲᠡᠩᠨᠡᠭᠦᠯᠦᠨ᠂ ᠪᠡᠶ᠎ᠡ ᠶᠢᠨ ᠲᠤᠯᠤᠭᠠᠢ᠂ ᠬᠦᠯ᠂ ᠨᠢᠷᠤᠭᠤ ᠵᠠᠰᠠᠷᠠᠵᠦ ᠵᠡᠮᠳᠡᠭ ᠪᠤᠯᠬᠤ ᠥᠭᠡᠢ ᠪᠤᠯᠠᠢ᠃ ᠥᠬᠢᠨ ᠤ ᠡᠭᠡ᠂ ᠥᠬᠢᠨ ᠳᠡᠭᠡᠨ ᠲᠠᠬᠢᠶᠠᠨ ᠥᠨᠳᠡᠭᠡ ᠠᠪᠠᠴᠢᠵᠦ ᠢᠳᠡᠬᠦᠯᠦᠭᠡᠳ ᠪᠡᠶ᠎ᠡ ᠴᠢᠩᠭᠠᠷᠠᠵᠦ ᠡᠪᠡᠳᠴᠢᠨ ᠰᠠᠭᠤᠬᠤ ᠶᠢ ᠰᠡᠷᠭᠡᠶᠢᠯᠡᠳᠡᠭ᠃ ᠪᠦᠢ ︵ ᠪᠦᠶ᠋ᠢ︶   ᠳᠤ ᠡᠮᠤᠰᠬᠦ ᠲᠡᠪᠡᠯ᠂ ᠰᠠᠭᠠᠭ ᠤᠨ ᠬᠤᠮᠤᠷᠤᠰᠤ ︵ ᠬᠤᠮᠠᠬᠷᠤ︶ ᠲᠠᠢ ᠲᠡᠪᠢᠰᠭᠡᠷ᠂ ᠤᠷᠢᠶᠠᠬᠤ ᠸᠠᠳᠠᠩ᠂ ᠮᠤᠩᠭᠤᠯ ᠠᠮᠤ ᠬᠢᠭᠰᠡᠨ ᠲᠡᠷ᠎ᠡ᠂ ᠴᠡᠭᠡᠵᠢᠪᠴᠢ ᠵᠤᠯᠠᠶᠢᠪᠴᠢ ᠶᠢ ᠴᠥᠮ ᠬᠢᠵᠦ ᠥᠭᠭᠦᠨ᠎ᠡ᠃ ᠥᠯᠥᠭᠡᠢ ᠨᠢ᠄ ᠪᠤᠷᠭᠠᠰᠤᠨ ᠮᠤᠳᠤᠨ ᠤ ᠬᠠᠪᠳᠠᠭᠠᠢ ᠬᠤᠶᠠᠷ ᠲᠤᠬᠤᠢ ᠤᠷᠳᠤ᠂ ᠲᠤᠯᠤᠭᠠᠢ ᠶᠢᠨ ᠲᠡᠭᠡᠷ᠎ᠡ ᠲᠠᠯ᠎ᠠ ᠳᠤ ᠲᠤᠯᠤᠭᠠᠨ ᠢᠮᠠᠬᠤ ᠦᠷᠭᠡᠨ᠂ ᠬᠦᠯ ᠤᠨ ᠲᠤᠤᠷ᠎ᠠ ᠦᠵᠦᠭᠦᠷ ᠲᠤ ᠲᠠᠪᠤᠨ ᠢᠮᠡᠬᠤ  ᠦᠷᠭᠡᠨ᠂ ᠲᠤᠮᠲᠠ ᠪᠠᠶ᠎ᠠ ᠬᠤᠶᠠᠷ ᠢᠮᠠᠬᠤ ᠵᠤᠵᠠᠭᠠᠨ  ᠬᠤᠶᠠᠷ ᠬᠥᠨᠳᠠᠯᠠᠨ ᠢᠯᠦ ᠲᠠᠢ᠃ ᠬᠤᠶᠠᠷ ᠬᠦᠪᠡᠭᠡ ᠨᠢᠭᠡᠨ ᠢᠮᠠᠬᠤ ᠵᠤᠵᠠᠭᠠᠨ᠂᠂ ᠬᠤᠶᠠᠷ ᠬᠦᠪᠡᠭᠡᠨ ᠳᠤ ᠠᠷᠪᠠᠨ ᠬᠤᠶᠠᠷ ᠨᠦᠭᠡᠨ ᠳᠤ ᠬᠤᠶᠠᠷ ᠤᠷᠳᠤ ᠤᠭᠤᠰᠤᠷ᠂ ᠨᠠᠢᠮᠠᠨ ᠰᠢᠯᠪᠢ ᠤᠶᠠᠮᠤᠢ᠃ ᠲᠤᠯᠤᠭᠠᠢ  ᠶᠢᠨ ᠲᠡᠭᠡᠷ᠎ᠡ ᠲᠠᠯ᠎ᠠ ᠳᠠᠬᠢ ᠨᠤᠮᠤ ᠠᠴᠠ ᠤᠯᠠᠭᠠᠨ ᠤᠳᠠᠰᠤ ᠤᠶᠠᠵᠦ ᠬᠦᠯ ᠤᠨ ᠲᠤᠤᠷ᠎ᠠ ᠬᠦᠷᠭᠡᠮᠤᠢ᠃ ᠡᠬᠦᠨ ᠢ ᠬᠠᠷᠠᠪᠴᠢ ᠪᠤᠶᠤ ᠥᠯᠥᠭᠡᠢ ᠬᠠᠷ᠎ᠠ ᠭᠡᠳᠡᠭ᠃
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号