ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
ᠨᠡᠶᠢᠲᠡᠯᠡᠭᠰᠡᠨ ᠴᠠᠭ᠄
2015/6/10
15᠂ ᠬᠡᠤᠭᠡᠳ ᠢᠶᠠᠨ ᠲᠡᠵᠢᠭᠡᠵᠦ ᠠᠰᠠᠷᠠᠬᠤ᠃         ᠭᠡᠤᠭᠡᠳ ᠢ ᠥᠯᠥᠬᠡᠢ ᠳᠤ ᠭᠡᠪᠳᠡᠭᠦᠯᠭᠦ ᠳᠤ ᠪᠡᠶ᠎ᠡ ᠭᠠᠷ᠂  ᠬᠥᠯ ᠢ ᠨᠢ ᠪᠦᠰ ᠸᠠᠳᠠᠩ ᠢᠶᠠᠷ ᠤᠷᠢᠶᠠᠵᠦ᠂ ᠤᠷᠳᠤ ᠪᠦᠰ ᠤᠭᠤᠰᠤᠷ ᠢᠶᠠᠷ ᠸᠠᠳᠠᠩ ᠤᠨ ᠭᠠᠳᠠᠭᠤᠷ  ᠴᠡᠭᠡᠵᠢ ᠶᠢᠨ ᠲᠡᠭᠡᠷ᠎ᠡ ᠠᠴᠠ ᠲᠤᠷᠤᠬᠰᠢ ᠰᠢᠯᠪᠢ ᠶᠢᠨ ᠨᠦᠭᠡᠨ ᠳᠤ ᠲᠦᠷᠢᠵᠦ ᠤᠷᠤᠭᠤᠯᠤᠨ ᠬᠦᠯ ᠤᠨ ᠵᠥᠭ ᠵᠦᠷᠢᠭᠦᠯᠦᠨ ᠰᠤᠯᠢᠯᠴᠠᠵᠦ᠂ ᠪᠡᠶ᠎ᠡ ᠶᠢᠨ ᠲᠤᠮᠲᠠ ᠪᠡᠯᠭᠡᠰ ︵ ᠪᠡᠯᠭᠡᠭᠦᠰᠦ︶ ᠤᠨ ᠲᠡᠭᠡᠬᠦᠷ ᠲᠤᠤᠭᠤᠷ ᠨᠢ ᠬᠤᠶᠠᠷ ᠤᠭᠤᠰᠤᠷ ᠢ ᠨᠡᠶᠢᠯᠡᠭᠦᠯᠦᠨ ᠪᠠᠭ᠋ᠠᠨ ᠰᠤᠯᠠ ᠤᠶᠠᠮᠤᠢ᠃ ᠲᠠᠩᠴᠦ ᠰᠤᠯᠠ ᠤᠶᠠᠪᠠᠰᠤ ᠭᠠᠷ   ᠢᠶᠠᠨ ᠵᠤᠭᠤᠯᠠᠨ ︵ ᠰᠤᠭᠤᠯᠠᠨ︶ ᠭᠠᠷᠭᠠᠮᠤᠢ᠃  ᠲᠠᠩᠴᠦ ᠴᠢᠩᠭ᠎ᠠ ᠤᠶᠠᠪᠠᠰᠤ ᠠᠮᠢᠰᠬᠤᠯ ᠠᠪᠬᠤ ᠳᠤ ᠲᠥᠭᠰᠢᠭᠦᠷᠢᠳᠡᠢ ᠪᠤᠯᠤᠮᠤᠢ᠃ ᠴᠡᠭᠡᠵᠢᠨ ᠠᠴᠠ ᠲᠤᠷᠤᠬᠰᠢ ᠴᠡᠭᠡᠵᠢᠪᠴᠢ ᠶᠢ ᠪᠦᠳᠡᠭᠡᠨ ᠥᠭᠭᠦᠨ᠎ᠡ᠃ ᠵᠤᠯᠠᠢ ᠲᠡᠭᠡᠷ᠎ᠡ ᠵᠤᠯᠡᠶᠢᠪᠴᠢ ᠵᠡᠭᠦᠯᠭᠡᠪᠡᠯ ᠵᠠᠩᠬᠢᠨᠠᠬᠤ ᠦᠭᠡᠢ ᠪᠤᠯᠠᠢ᠃  ᠥᠯᠦᠭᠡᠢ ᠬᠠᠷᠠ ᠳᠤ ᠤᠯᠠᠭᠠᠨ ᠰᠢᠵᠢᠮ ᠤᠶᠠᠵᠦ ᠪᠦᠢ ︵ ᠪᠦᠶ᠋ᠢ︶   ᠶᠢ ᠲᠡᠭᠰᠢ ᠲᠡᠭᠡᠭᠰᠢ ᠬᠠᠨᠳᠤᠭᠤᠯᠤᠮᠦᠢ ᠃ ᠲᠡᠭᠡᠪᠡᠯ ᠨᠢᠲᠦ ᠬᠢᠯᠠᠷ ᠪᠤᠯᠬᠤ ᠦᠭᠡᠢ ᠶᠤᠮ᠃ ᠭᠡᠪᠳᠡᠭᠦᠯᠬᠦ ᠭᠠᠵᠠᠷ ︵ ᠬᠠᠨᠵᠦ︶ ᠤᠨ ᠬᠠᠯᠠᠭᠤᠨ ᠬᠦᠢᠳᠡᠨ ᠢ ᠲᠡᠩᠨᠡᠭᠦᠯᠭᠦ ᠭᠡᠷᠩᠳᠡᠢ᠃ ᠥᠯᠥᠭᠡᠶᠢᠳᠡᠬᠦ ᠳᠤ ᠨᠠᠷᠢᠨ ᠰᠢᠷᠤᠢ ︵ᠰᠡᠶᠢᠵᠡᠳᠠᠬᠰᠨ᠂ ᠡᠯᠭᠡᠭᠳᠡᠭᠰᠡᠨ︶ ᠶᠢ ᠪᠦᠢ ︵ ᠪᠦᠶ᠋ᠢ︶   ᠶᠢᠨ ᠪᠥᠭᠰᠡᠨ ᠲᠤᠤᠷ᠎ᠠ ᠲᠡᠪᠢᠰᠴᠦ ᠴᠠᠭᠠᠨ ᠲᠠᠭᠠᠨ ᠬᠠᠭᠤᠷᠠᠶᠢᠯᠠᠵᠦ᠂ ᠥᠯᠥᠭᠡᠢ ᠶᠢ ᠲᠡᠭᠦᠵᠢᠯᠡᠪᠡᠰᠦ ᠮᠠᠰᠢ ᠰᠠᠶᠢᠨ ᠪᠢᠯᠡ᠃  
 
ᠢᠷᠡᠯᠲᠡ᠄ ᠬᠠᠷᠠᠴᠢᠨ ᠮᠣᠩᠭᠤᠯ ᠬᠤᠷᠢᠮ ᠤᠨ ᠵᠠᠩ ᠤᠶᠢᠯᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000963号